论文信息


题名 ᠰᠤᠮᠠᠷᠠᠽᠠ ᠶᠢᠨ ᠤᠭ ᠰᠤᠷᠪᠤᠯᠵᠢ ᠶᠢ ᠷᠾᠦ᠋ᠩᠪᠧ ᠡᠴᠡ ᠰᠢᠯᠭᠠᠨ ᠮᠠᠭᠠᠳᠯᠠᠬᠤ ᠨᠢ
作者 ᠤᠷᠠᠨᠰᠤᠪᠤᠳ
关键词 ᠮᠣᠩᠭᠤᠯ ᠲᠦᠪᠡᠳ ᠡᠮ; ᠰᠤᠮᠠᠷᠠᠽᠠ; ᠷᠾᠦ᠋ᠩᠪᠧ ᠶᠢᠨ ᠮᠠᠭᠠᠳᠯᠠᠯ
摘要 ᠰᠤᠷᠪᠤᠯᠵᠢ ᠪᠢᠴᠢᠭ ᠢ ᠡᠮᠬᠢᠳᠭᠡᠨ ᠰᠤᠳᠤᠯᠬᠤ ᠠᠷᠭ᠎ᠠ ᠪᠠᠷ ᠤᠯᠠᠮᠵᠢᠯᠠᠯᠲᠤ ᠮᠣᠩᠭᠤᠯ ᠡᠮ ᠰᠤᠮᠠᠷᠠᠽᠠ ᠶᠢᠨ ᠤᠭ ᠰᠤᠷᠪᠤᠯᠵᠢ ᠶᠢ ᠮᠠᠭᠠᠳᠯᠠᠭᠰᠠᠨ ᠳ᠋ᠦᠩ ᠳᠦ᠂ ᠵᠠᠮᠪᠠ ᠴᠡᠴᠡᠭ ᠦᠨ ᠢᠵᠠᠭᠤᠷ ᠤᠨ ᠤᠷᠭᠤᠮᠠᠯ ᠪᠤᠯᠬᠤ ᠵᠢᠭᠠᠷᠲᠤ ᠰᠢᠷ᠎ᠠ ᠵᠠᠮᠪᠠ [Adelmoschus Moschatus (L) Medic 黄葵] ᠨᠢ ᠡᠮ ᠦᠨ ᠷᠾᠦ᠋ᠩᠪᠧ ᠳᠦ ᠲᠡᠮᠳᠡᠭᠯᠡᠵᠦ ᠪᠠᠢᠬᠤ ᠳᠡᠭᠡᠳᠦ ᠵᠡᠷᠭᠡ ᠶᠢᠨ ᠰᠤᠮᠠᠷᠠᠽᠠ ᠮᠦᠨ; ᠵᠠᠮᠪᠠ ᠴᠡᠴᠡᠭ ᠦᠨ ᠢᠵᠠᠭᠤᠷ ᠤᠨ ᠤᠷᠭᠤᠮᠠᠯ ᠪᠤᠯᠬᠤ ᠬᠢᠮ᠎ᠡ [Abutilon theophrastii Medic (苘麻)] ᠶᠢᠨ ᠦᠷ᠎ᠡ ᠪᠤᠯ ᠡᠩ ᠦᠨ ᠰᠤᠮᠠᠷᠠᠽᠠ ᠮᠦᠨ᠃ ᠬᠠᠰᠢ ᠶᠢᠨ ᠢᠵᠠᠭᠤᠷ ᠤᠨ ᠤᠷᠭᠤᠮᠠᠯ ᠪᠤᠯᠬᠤ ᠮᠡᠳᠡᠯ ᠴᠡᠴᠡᠭ [Datura stramonium L (曼陀罗)]  ᠤᠨ ᠦᠷ᠎ᠡ ᠶᠢ ᠰᠤᠮᠠᠷᠠᠽᠠ ᠭᠡᠵᠦ ᠲᠡᠮᠳᠡᠭᠯᠡᠭᠰᠡᠨ ᠨᠢ ᠡᠮ ᠦᠨ ᠷᠾᠦ᠋ᠩᠪᠧ ᠶᠢᠨ ᠲᠡᠮᠳᠡᠭᠯᠡᠯ ᠲᠡᠢ ᠨᠡᠢᠴᠡᠬᠦ ᠦᠭᠡᠢ᠃ ᠵᠠᠮᠪᠠ ᠴᠡᠴᠡᠭ ᠦᠨ ᠢᠵᠠᠭᠤᠷ ᠤᠨ ᠤᠷᠭᠤᠮᠠᠯ ᠪᠤᠯᠬᠤ ᠰᠢᠷ᠎ᠠ ᠬᠠᠯᠤ [Adelmoschus Manihot (L) Medic (黄蜀葵)] ᠶᠢ ᠰᠤᠷᠤᠮᠠᠮᠨᠠᠪᠠ ᠭᠡᠵᠦ ᠲᠡᠮᠳᠡᠭᠯᠡᠭᠰᠡᠨ ᠢ ᠤᠯᠠᠮ ᠨᠢᠭᠡ ᠠᠯᠬᠤᠮ ᠲᠤᠳᠤᠯᠠᠬᠤ ᠴᠢᠬᠤᠯᠠ ᠲᠠᠢ; ᠢᠯᠠᠮ᠎ᠠ ᠶᠢᠨ ᠢᠵᠠᠭᠤᠷ ᠤᠨ ᠤᠷᠭᠤᠮᠠᠯ ᠪᠤᠯᠬᠤ ᠣᠯᠤᠰᠤ [Cannabis satiua L (大麻)] ᠶᠢ ᠮᠣᠩᠭᠤᠯ ᠲᠦᠪᠡᠳ ᠡᠮᠨᠡᠯᠭᠡ ᠳᠦ ᠪᠦᠷ ᠰᠤᠷᠤᠮᠨᠠᠭᠪᠤ ᠪᠡᠷ ᠲᠠᠨᠢᠨ ᠬᠡᠷᠡᠭᠯᠡᠳᠡᠭ ᠲᠤᠯᠠ ᠬᠤᠳᠬᠤᠯᠳᠤᠵᠤ ᠪᠠᠢᠬᠤ ᠲᠦᠷᠦᠯ ᠵᠤᠢᠯ ᠪᠤᠯᠤᠨ᠎ᠠ᠃ ᠮᠣᠩᠭᠤᠯ ᠲᠦᠪᠡᠳ ᠡᠮᠨᠡᠯᠭᠡ ᠪᠤᠯ ᠤᠯᠠᠮᠵᠢᠯᠠᠯ ᠤᠨ ᠬᠠᠷᠢᠴᠠᠭ᠎ᠠ ᠲᠠᠢ ᠪᠤᠯᠬᠤᠷ ᠬᠤᠢᠰᠢᠲᠠ ᠮᠣᠩᠭᠤᠯ ᠡᠮ ᠦᠨ ᠮᠠᠲ᠋ᠧᠷᠢᠶᠠᠯ ᠬᠢᠭᠡᠳ ᠲᠦᠪᠡᠳ ᠡᠮ ᠦᠨ ᠮᠠᠲ᠋ᠧᠷᠢᠶᠠᠯ ᠢ ᠬᠠᠷᠢᠴᠠᠭᠤᠯᠤᠨ ᠷᠾᠦ᠋ᠩᠪᠧ ᠶᠢᠨ ᠮᠠᠭᠠᠳᠯᠠᠯ ᠢ ᠦᠷᠭᠡᠳᠭᠡᠬᠦ ᠨᠢ ᠮᠣᠩᠭᠤᠯ ᠡᠮ ᠡᠮᠨᠡᠯᠭᠡ ᠶᠢᠨ ᠡᠷᠡᠭᠦᠯ ᠬᠦᠭᠵᠢᠯᠲᠡ ᠳᠦ ᠮᠠᠰᠢ ᠶᠬᠡ ᠨᠦᠯᠦᠭᠡ ᠲᠡᠢ ᠪᠤᠯᠬᠤ ᠶᠢ ᠠᠩᠬᠠᠷᠤᠯ ᠳᠠᠭᠠᠨ ᠠᠪᠤᠪᠠᠯ ᠵᠤᠬᠢᠨ᠎ᠠ᠃
原文 没有原文
出自 内蒙古民族大学学报(蒙医药学) 2015年 第1期

联系我们


内蒙古大学图书馆
呼和浩特市大学西路235号
中国·内蒙古
P: (0471) 4992561
E: huangfeilong@imu.edu.cn