摘要 |
ᠪᠠᠭᠠᠲᠤᠷᠯᠢᠭ ᠬᠠᠢᠯᠪᠤᠷᠢ《ᠵᠠᠩᠭᠠᠷ》 ᠢ ᠬᠦᠨᠵᠡᠭᠡᠢ ᠰᠣᠳᠤᠯᠤᠭᠰᠠᠨ ᠡᠷᠲᠡᠮᠲᠡᠨ ᠰᠣᠳᠤᠯᠤᠭᠴᠢᠳ ᠡᠴᠡ ᠲᠡᠭᠦᠨ ᠤ ᠭᠤᠤᠯ ᠰᠠᠨᠠᠭ᠎ᠠ ᠵᠢ ᠳ᠋ᠦᠩᠨᠡᠵᠦ ᠬᠡᠯᠡᠬᠦ ᠳ᠋ᠡᠭᠡᠨ᠄ᠠᠷᠰᠯᠠᠨ ᠪᠠᠭᠠᠲᠤᠷ ᠤᠨ ᠴᠢᠬᠢᠷᠠᠭ ᠬᠠᠮᠤᠭ ᠤᠳ ᠪᠤᠭᠲᠠ ᠵᠠᠩᠭᠠᠷ ᠤᠨ ᠲᠤᠭ ᠤᠨ ᠲᠤᠤᠷ ᠠ ᠬᠤᠷᠠᠨ ᠴᠤᠭᠯᠠᠷᠠᠵᠤ ᠂ ᠠᠷᠤ ᠪᠤᠯᠪᠠ ᠶᠢᠨ ᠤᠷᠤᠨ- ᠠᠯᠳᠠᠢ ᠰᠠᠢᠬᠠᠨ ᠨᠤᠲᠤᠭ ᠤᠨ ᠢᠢᠡᠨ ᠡᠷᠭᠡ ᠴᠢᠯᠦᠭᠡ᠂ ᠲᠤᠰᠠᠭᠠᠷ ᠲᠤᠭᠲᠠᠨᠢᠯ ᠤᠨ ᠲᠦᠯᠦᠭᠡ ᠠᠶᠠᠭ᠎ᠠ ᠴᠢᠰᠤ᠂ ᠠᠳᠬᠤ ᠶᠠᠰᠤ ᠪᠠᠨ ᠬᠠᠢᠷᠠᠯᠠᠯ ᠦᠭᠡᠢ ᠲᠡᠮᠡᠴᠡᠵᠦ ᠪᠠᠢᠭ᠎ᠠ ᠪᠠᠭᠠᠲᠤᠷᠯᠢᠭᠦᠢᠯᠡ ᠶᠠᠪᠤᠳᠠᠯ ᠢ ᠮᠠᠭᠲᠠᠨ ᠲᠠᠭᠤᠯᠠᠬᠤ ᠪᠡᠷ ᠲᠠᠮᠵᠢᠭᠤᠯᠤᠨ᠂ᠤᠯᠤᠰ ᠲᠦᠮᠡᠨ ᠢᠢᠡᠨ ᠪᠦᠯᠬᠦᠮᠲᠡᠨ ᠨᠢᠭᠡᠳᠦᠬᠦᠯᠵᠦ ᠡᠭᠡ ᠡᠣᠷᠤᠨ ᠢᠢᠡᠨ ᠬᠠᠮᠠᠭᠠᠯᠠᠬᠤ ᠲᠡᠮᠡᠴᠡᠯ ᠳ᠋ᠤ ᠤᠷᠢᠶᠠᠯᠠᠨ ᠲᠠᠭᠤᠳᠠᠭᠰᠠᠨ ᠳ᠋ᠤ ᠤᠷᠤᠰᠢᠨ᠎ᠠ᠃ ᠭᠡᠵᠦ ᠦᠨᠳᠦᠰᠦᠨ ᠳ᠋ᠡᠭᠡᠨ ᠨᠢᠭᠡᠳᠦᠯᠲᠡᠢ ᠰᠠᠨᠠᠯ ᠢ ᠲᠡᠪᠰᠢᠬᠦᠯᠵᠦ ᠪᠤᠢ᠃ ᠭᠡᠪᠡᠴᠦ ᠠᠨ᠎ᠠ ᠲᠣᠬᠠᠢ ᠦᠭᠡᠷ ᠡ ᠠᠳᠠᠯᠢ ᠦᠭᠡᠢ ᠰᠠᠨᠠᠯ ᠦᠭᠡᠢ ᠪᠢᠰᠢ᠃ |