摘要 |
ᠳᠤᠰ ᠥᠭᠥᠯᠡᠯ ᠳᠤ ᠡᠷᠳᠡᠨ ᠦ ᠮᠣᠩᠭ᠋ᠣᠯᠴᠤᠳ ᠤᠨ ᠠᠭᠤᠯᠠ ᠤᠰᠤᠨ ᠳᠤ ᠨᠠᠪᠳᠠᠭ ᠰᠠᠪᠳᠠᠭ ᠭᠡᠬᠦ ᠤᠢ᠌ᠯᠠᠭᠠᠯᠲᠠ ᠪᠡᠷ ᠰᠡᠳᠤᠪᠯᠠᠨ ᠪᠢᠴᠢᠬᠦ ᠳᠡᠭᠡᠨ ᠭᠤᠤᠯᠳᠠᠭᠤ ᠤᠰᠤᠨ ᠦ ᠰᠠᠪᠳᠠᠭ ᠢ ᠠᠪᠴᠤ ᠰᠢᠨᠵᠢᠯᠡᠭᠰᠡᠨ ᠪᠠᠢ᠌ᠨ᠎ᠠ᠃ ᠤᠰᠤᠨ ᠳᠤ ᠤᠯᠠᠨ ᠶᠠᠩᠵᠦ ᠶᠢᠨ ᠰᠠᠪᠳᠠᠭ ᠲᠠᠢ ᠭᠡᠵᠦ ᠡᠷᠳᠡᠨ ᠦ ᠮᠣᠩᠭ᠋ᠣᠯᠴᠣᠳ ᠦᠵᠡᠳᠡᠭ ᠪᠦᠭᠡᠳ ᠲᠡᠭᠦᠨ ᠢ ᠬᠠᠮᠠᠭᠠᠯᠠᠬᠤ ᠵᠦᠷᠢᠴᠡᠯ ᠨᠢ ᠡᠪᠯᠡᠷᠡᠰᠢ ᠦᠭᠡᠢ ᠶᠤᠮ᠃ ᠤᠰᠤᠨ ᠦ ᠰᠠᠪᠳᠠᠭ ᠤᠷᠤᠰᠢᠬᠤ ᠶᠢᠨ ᠤᠴᠢᠷ ᠮᠣᠩᠭ᠋ᠣᠯᠴᠤᠳ ᠨᠠᠭᠤᠷ ᠴᠦᠭᠦᠷᠦᠮ ᠃ ᠭᠤᠤᠯ ᠮᠦᠷᠡᠨ᠂ ᠪᠤᠯᠠᠭ ᠱᠠᠩᠳᠠ ᠶᠢᠨ ᠤᠰᠤᠨ ᠳᠤ ᠪᠤᠵᠠᠷ ᠪᠤᠷᠳᠠᠭ ᠶᠠᠭᠤᠮ ᠠ ᠤᠷᠤᠭᠤᠯᠬᠤ ᠶᠢ ᠴᠡᠭᠡᠷᠯᠠᠨ᠂ ᠤᠰᠤᠨ ᠦ ᠡᠬᠢ ᠰᠣᠷᠪᠤᠯᠵᠢ ᠶᠢ ᠪᠠᠳᠤᠯᠠᠨ ᠬᠠᠮᠠᠭᠠᠯᠠᠬᠤ ᠬᠡᠵᠦ ᠴᠢᠷᠮᠠᠢ᠌ᠳᠠᠭ᠃ ᠡᠨᠡ ᠨᠢ ᠤᠳᠤᠬᠢ ᠠᠮᠢ ᠠᠬᠤᠢ ᠶᠢ ᠬᠠᠮᠠᠭᠠᠯᠠᠬᠤ ᠤᠳᠬ᠎ᠠ ᠡᠴᠡ ᠬᠡᠯᠡᠪᠡᠯ᠂ ᠭᠤᠤᠯ ᠮᠦᠷᠡᠨ ᠦ ᠡᠬᠢ ᠰᠤᠷᠪᠤᠯᠵᠢ ᠶᠢ ᠬᠠᠮᠠᠭᠠᠯᠠᠨ ᠂ ᠤᠰᠤᠨ ᠦ ᠴᠡᠪᠡᠷᠰᠢᠯ ᠢ ᠪᠠᠳᠤᠯᠠᠨ᠂ ᠬᠦᠷᠦᠰᠦ ᠰᠢᠷᠤᠢ᠂ ᠠᠮᠢᠳᠠᠨ ᠤᠷᠭᠤᠮᠠᠯ ᠤᠨ ᠭᠡᠷᠡᠭᠰᠡᠬᠦ ᠤᠰᠤᠨ ᠦ ᠬᠡᠮᠵᠢᠶ ᠠ ᠶᠢ ᠬᠠᠩᠭ᠋ᠠᠬᠤ ᠳᠤ ᠴᠢᠬᠤᠯᠠ ᠦᠢᠯᠡᠳᠦᠯ ᠲᠠᠢ ᠠᠵᠢ᠃ |