摘要 |
ᠮᠣᠩᠭᠤᠯᠴᠤᠳ ᠡᠷᠲᠡᠨ ᠡᠴᠡ ᠠᠪᠤᠭᠠᠳ ᠠᠮᠢ ᠨᠠᠰᠤ ᠵᠢ ᠬᠠᠢᠷᠠᠯᠠᠬᠤ᠂ ᠠᠮᠢᠳᠠᠨ ᠭᠤᠤᠯᠲᠠᠨ ᠢ ᠬᠠᠮᠠᠭᠠᠯᠠᠬᠤ ᠤᠯᠠᠮᠵᠢᠯᠠᠯ ᠲᠠᠢ᠃ ᠨᠡᠡ ᠨᠢ ᠮᠣᠩᠭᠤᠯᠴᠤᠳ ᠤᠨ 《ᠠᠮᠢ ᠵᠢ ᠡᠷᠬᠢᠮᠯᠡᠬᠦ》ᠦᠵᠡᠯᠲᠡ ᠲᠠᠢ ᠨᠢᠭᠲᠠ ᠬᠠᠷᠢᠴᠠᠭ᠎ᠠ ᠲᠠᠢ ᠪᠠᠢᠳᠠᠭ᠃ ᠮᠣᠩᠭᠤᠯᠴᠤᠳ ᠤᠨ 《ᠠᠮᠢ ᠵᠢ ᠡᠷᠬᠢᠮᠯᠡᠬᠦ》ᠦᠵᠡᠯᠲᠡ ᠭᠡᠳᠡᠭ ᠪᠣᠯ ᠮᠣᠩᠭᠤᠯᠴᠤᠳ ᠲᠡᠭᠷᠢ ᠭᠠᠵᠠᠷ᠂ ᠨᠠᠷᠠ ᠰᠠᠷ᠎ᠠ᠂᠂ ᠤᠳᠤᠨ ᠮᠡᠴᠢᠳ᠂ ᠠᠭᠤᠯᠠ ᠤᠰᠤ᠂ ᠬᠦᠮᠦᠨ ᠠᠮᠢᠳᠠᠨ᠂ ᠮᠣᠳᠤ ᠴᠢᠯᠠᠭᠤ ᠵᠡᠷᠭᠡ ᠲᠣᠮᠤᠭ ᠪᠣᠳᠠᠰ ᠲᠤ ᠡᠵᠡᠳ ᠰᠠᠬᠢᠭᠤᠯᠰᠤ᠂ ᠰᠦᠭ ᠰᠦᠨᠡᠰᠦ ᠲᠠᠢ ᠬᠡᠮᠡᠨ ᠢᠳᠡᠭᠡᠨ᠂ ᠲᠡᠳᠡᠭᠡᠷ ᠡᠴᠡ ᠠᠶᠤᠨ ᠵᠢᠷᠦᠭᠡᠰᠢᠵᠦ᠂ ᠲᠡᠳᠡᠭᠡᠷ ᠢ ᠪᠢᠰᠢᠷᠡᠨ ᠰᠢᠲᠦᠬᠦ ᠤᠪᠤᠷ ᠰᠡᠳᠬᠢᠯᠭᠡ ᠵᠢ ᠬᠡᠯᠡᠨ᠎ᠠ᠃ ᠦᠭᠦᠯᠡᠯ ᠳ᠋ᠤ ᠡᠷᠳᠡᠨ ᠤ ᠮᠣᠩᠭᠤᠯᠴᠤᠳ ᠤᠨ ᠦᠪᠡᠷᠮᠢᠴᠡ ᠣᠨᠴᠠᠯᠢᠭ ᠪᠦᠬᠦᠢ《ᠠᠮᠢ ᠵᠢ ᠡᠷᠬᠢᠮᠯᠡᠬᠦ》ᠠᠮᠢ ᠠᠬᠤᠢ ᠶᠢᠨ ᠦᠵᠯᠡᠲᠡ ᠵᠢ ᠬᠠᠢᠵᠤ᠂ ᠲᠡᠭᠦᠨ ᠤ ᠠᠶᠠᠨᠳᠠᠭᠠᠨ ᠡᠭᠦᠰᠦᠭᠰᠡᠨ᠂ ᠰᠦᠰᠦᠭᠯᠡᠬᠦ ᠰᠢᠨᠵᠢ ᠪᠣᠯᠤᠨ ᠵᠠᠩ ᠲᠠᠳᠬᠠᠯ ᠤᠨ ᠬᠡᠯᠪᠡᠷᠢ ᠵᠢ ᠦᠭᠦᠯᠡᠵᠦ᠂ ᠮᠣᠩᠭᠤᠯᠴᠤᠳ ᠤᠨ 《ᠠᠮᠢ ᠵᠢ ᠡᠷᠬᠢᠮᠯᠡᠬᠦ》ᠦᠵᠡᠯᠲᠡ ᠶᠢᠨ ᠪᠠᠢᠭᠠᠯᠢ ᠠᠮᠢ ᠠᠬᠤᠢ ᠶᠢᠨ ᠲᠡᠩᠴᠡᠭᠦᠷᠢ ᠵᠢ ᠪᠠᠲᠤᠯᠠᠬᠤ᠂ ᠠᠷᠢᠶᠠᠲᠠᠨ ᠠᠮᠢᠲᠠᠨ ᠢ ᠬᠠᠢᠷᠠᠯᠠᠨ ᠬᠠᠮᠠᠭᠠᠯᠠᠬᠤ ᠡᠷᠬᠢᠮ ᠲᠡᠭᠡᠳᠦ ᠰᠤᠷᠲᠠᠯᠴᠢᠯᠠᠭ᠎ᠠ ᠶᠢᠨ ᠦᠷ ᠡ ᠠᠰᠢᠭ ᠢ ᠲᠤᠳᠤᠷᠬᠠᠢᠯᠠᠪᠠ᠃ |