摘要 |
ᠬᠦᠮᠦᠨ ᠲᠦᠷᠦᠯᠬᠢᠲᠡᠨ ᠦ ᠨᠡᠢᠭᠡᠮ ᠳᠦ ᠲᠦᠪ ᠭᠠᠵᠢᠭ᠋ᠤ ᠬᠤᠶᠠᠷ ᠲᠠᠯ᠎ᠠ ᠪᠠᠢᠳᠠᠭ᠃ ᠨᠡᠢᠭᠡᠮ ᠦᠨ ᠲᠤᠭᠲᠠᠨ᠋ᠢᠯ ᠬᠦᠭᠵᠢᠯ ᠳᠦ ᠠᠰᠢᠭᠲᠠᠢ᠂ ᠤᠭ ᠴᠤᠭᠴᠠᠲᠤ ᠴᠢᠨ᠋ᠠᠷ ᠪᠦᠬᠦᠢ ᠬᠦᠮᠦᠨ᠂ ᠬᠡᠷᠡᠭ ᠶᠠᠪᠤᠳᠠᠯ᠂ ᠦᠵᠡᠯ ᠰᠠᠨ᠋ᠠᠭ᠎ᠠ ᠶᠢ ᠲᠦᠪ ᠭᠡᠵᠦ᠂ ᠤᠭ ᠴᠤᠭᠴᠠᠲᠤ ᠴᠢᠨ᠋ᠠᠷ ᠢᠶᠠᠨ ᠠᠯᠳᠠᠵᠤ᠂ ᠨᠡᠢᠭᠡᠮ ᠦᠨ ᠣᠷᠤᠰᠢᠯ ᠬᠦᠭᠵᠢᠯ ᠢ ᠳᠠᠢᠰᠤᠩᠨ᠋ᠠᠭᠴᠢ ᠬᠦᠮᠦᠨ᠂ ᠬᠡᠷᠡᠭ ᠶᠠᠪᠤᠳᠠᠯ᠂ ᠦᠵᠡᠯ ᠰᠠᠨ᠋ᠠᠭ᠎ᠠ ᠶᠢ ᠭᠠᠵᠢᠭ᠋ᠤ ᠭᠡᠳᠡᠭ᠃ ᠵᠠᠬ᠎ᠠ ᠳᠡᠯᠭᠡᠭᠦᠷ ᠦᠨ ᠠᠵᠤ ᠠᠬᠤᠢ ᠶᠢᠨ ᠲᠤᠭᠲᠠᠴᠠ ᠳᠤᠷ᠎ᠠ ᠬᠦᠮᠦᠰ ᠦᠨ ᠠᠩᠬᠠᠷᠤᠯ ᠵᠤᠭ᠋ᠤᠰ ᠪᠠ ᠨᠡᠷ᠎ᠡ ᠠᠰᠢᠭ ᠲᠤ ᠬᠦᠳᠦᠯᠦᠭᠳᠡᠵᠦ᠂ ᠲᠦᠪ ᠢ ᠪᠠᠷᠢᠮᠲᠠᠯᠠᠨ᠂ ᠲᠦᠪ ᠢ ᠳᠡᠮᠵᠢᠬᠦ ᠤᠬᠠᠮᠰᠠᠷ ᠪᠠᠯᠠᠷᠬᠠᠢᠰᠢᠵᠤ ᠪᠤᠢ᠃ ᠪᠢᠳᠡᠨ᠋ᠦᠰ ᠤᠯᠤᠰ ᠦᠨᠳᠦᠰᠦᠲᠡᠨ ᠢᠶᠡᠨ ᠲᠡᠭᠦᠯᠢᠨ ᠮᠠᠨᠳᠤᠭ᠋ᠤᠯᠬᠤ ᠭᠡᠪᠡᠯ ᠨᠡᠢᠭᠡᠮ ᠦᠨ ᠲᠦᠪ ᠲᠠᠯ᠎ᠠ ᠶᠢ ᠡᠷᠬᠡᠪᠰᠢ ᠺᠦᠨᠯᠦ᠋ᠨ ᠬᠠᠢᠷᠬᠠᠨ ᠰᠢᠭ ᠰᠦᠨᠳᠡᠷᠯᠡᠭᠦᠯᠵᠦ᠂ ᠭᠠᠵᠢᠭ᠋ᠤ ᠲᠠᠯ᠎ᠠ ᠶᠢᠨ ᠵᠢᠷᠦᠬᠡ ᠶᠢ ᠴᠡᠴᠡᠷᠡᠭᠦᠯᠦᠮᠡ ᠰᠦᠷ ᠬᠦᠴᠦᠨ ᠲᠡᠢ ᠪᠠᠢᠯᠭ᠋ᠠᠬᠤ ᠬᠡᠷᠡᠭᠲᠡᠢ᠃ ᠡᠨ᠋ᠡ ᠪᠤᠯ ᠣᠳᠤᠬᠠᠨ ᠤ ᠣᠨ᠋ᠣᠯ ᠪᠤᠯᠤᠨ ᠦᠵᠡᠯ ᠰᠠᠨ᠋ᠠᠭ᠋ᠠᠨ ᠤ ᠪᠠᠢᠭ᠋ᠤᠯᠤᠯᠲᠠ ᠳᠡᠬᠢ ᠨᠢᠭᠡᠨ ᠦᠨᠳᠦᠰᠦᠨ ᠪᠦᠷᠢᠯᠳᠦᠴᠡ ᠠᠭ᠋ᠤᠯᠭ᠎ᠠ ᠮᠦᠨ᠃ |