题名 |
ᠮᠢᠶᠠᠽᠠᠺᠢ ᠬᠠᠶᠠᠤ ᠶᠢᠨ ᠪᠦᠲᠦᠭᠡᠯ ᠡᠴᠡ ᠶᠠᠫᠤᠨᠴᠤᠳ ᠤᠨ ᠪᠠᠢᠭᠠᠯᠢ ᠠᠮᠢ ᠠᠬᠤᠢ ᠶᠢᠨ ᠦᠵᠡᠯ ᠢ ᠰᠢᠨᠵᠢᠬᠦ ᠨᠢ |
作者 |
ᠴᠡᠯᠡᠭᠡᠷ |
关键词 |
ᠪᠠᠢᠭᠠᠯᠢ; ᠠᠮᠢ ᠠᠬᠤᠢ ᠶᠢᠨ ᠦᠵᠡᠯ ᠰᠠᠨᠠᠭ᠎ᠠ; ᠣᠢ ᠰᠢᠭᠤᠢ ᠶᠢᠨ ᠰᠤᠶᠤᠯ; ᠪᠤᠷᠬᠠᠨ ᠰᠠᠬᠢᠭᠤᠯᠰᠤᠨ |
摘要 |
ᠶᠠᠫᠤᠨ ᠤ ᠰᠢᠯᠢᠳᠡᠭ ᠬᠡᠦᠬᠡᠯᠳᠡᠢ ᠵᠦᠴᠦᠭᠡ ᠶᠢᠨ ᠤᠳᠤᠷᠢᠳᠤᠭᠠᠴᠢ ᠮᠢᠶᠠᠽᠠᠺᠢ ᠬᠠᠶᠠᠤ 〔宫崎骏〕 ᠮᠠᠰᠢ ᠣᠯᠠᠨ ᠬᠦᠮᠦᠨ ᠪᠤᠯᠤᠨ ᠪᠠᠢᠭᠠᠯᠢ ᠶᠢᠨ ᠬᠤᠭᠤᠷᠤᠨᠳᠤᠬᠢ ᠬᠠᠷᠢᠴᠠᠭ᠎ᠠ ᠪᠠᠷ ᠰᠡᠳᠦᠪᠯᠡᠭᠰᠡᠨ ᠬᠡᠦᠬᠡᠯᠲᠡᠢ ᠵᠦᠴᠦᠭᠡ ᠶᠢ ᠵᠤᠬᠢᠶᠠᠨ ᠪᠦᠲᠦᠭᠡᠭᠰᠡᠨ ᠪᠠᠢᠳᠠᠭ᠃ ᠲᠡᠳᠡᠭᠡᠷ ᠪᠦᠲᠦᠭᠡᠯ ᠦᠳ ᠦᠨ ᠳᠤᠲᠤᠷ᠎ᠠ ᠠᠴᠠ ᠶᠠᠫᠤᠨᠴᠤᠳ ᠤᠨ ᠪᠠᠢᠭᠠᠯᠢ ᠠᠮᠢ ᠠᠬᠤᠢ ᠶᠢᠨ ᠦᠵᠡᠯ ᠢ ᠣᠯᠵᠤ ᠬᠠᠷᠠᠬᠤ ᠪᠤᠯᠤᠨ᠎ᠠ᠃ ᠲᠤᠬᠠᠢᠯᠠᠪᠠᠯ ᠶᠠᠫᠤᠨᠴᠤᠳ 《ᠣᠢ ᠮᠤᠳᠤ ᠪᠤᠯ ᠠᠮᠢᠳᠤ ᠪᠤᠳᠠᠰ ᠤᠨ ᠪᠡᠯᠭᠡ ᠲᠡᠮᠳᠡᠭ᠂ ᠪᠤᠷᠬᠠᠨ ᠰᠠᠬᠢᠭᠤᠯᠰᠠᠳ ᠤᠨ ᠣᠷᠤᠰᠢᠯ》 ᠬᠡᠮᠡᠨ ᠦᠵᠡᠳᠡᠭ᠃ ᠡᠢᠮᠦ ᠡᠴᠡ ᠣᠨᠴᠠᠭᠠᠢ ᠨᠢᠭᠡᠨ ᠵᠤᠢᠯ ᠤᠨ ᠣᠢ ᠮᠤᠳᠤᠨ ᠤ ᠰᠤᠶᠤᠯ ᠢ ᠪᠦᠷᠢᠯᠳᠦᠭᠦᠯᠦᠭᠰᠡᠨ ᠪᠠᠢᠳᠠᠭ᠃ ᠬᠦᠮᠦᠨ ᠲᠦᠷᠦᠯᠬᠢᠲᠡᠨ ᠪᠤᠯ ᠡᠬᠡ ᠪᠠᠢᠭᠠᠯᠢ ᠶᠢᠨ ᠨᠢᠭᠡᠨ ᠪᠦᠷᠢᠯᠳᠦᠭᠦᠨ ᠪᠦᠭᠡᠳ ᠡᠬᠡ ᠪᠠᠢᠭᠠᠯᠢ ᠶᠢᠨ ᠭᠤᠤᠯ ᠡᠷᠬᠡᠰᠢᠶᠡᠭᠴᠢ ᠬᠦᠴᠦᠨ ᠪᠤᠯᠤᠨ᠎ᠠ᠃ ᠪᠠᠢᠭᠠᠯᠢ ᠠᠮᠢ ᠠᠬᠤᠢ ᠶᠢᠨ ᠲᠡᠩᠴᠡᠭᠦᠷᠢ ᠶᠢ ᠪᠠᠲᠤᠯᠠᠵᠤ᠂ ᠡᠬᠡ ᠪᠠᠢᠭᠠᠯᠢ ᠯᠤᠭ᠎ᠠ ᠡᠶ᠎ᠡ ᠨᠠᠢᠷᠰᠠᠭ ᠬᠠᠷᠢᠴᠠᠭ᠎ᠠ ᠶᠢ ᠪᠤᠢ ᠪᠤᠯᠭᠠᠪᠠᠯ ᠰᠠᠶᠢ ᠡᠬᠢ ᠪᠠᠢᠭᠠᠯᠢ ᠲᠠᠢ ᠵᠤᠬᠢᠴᠠᠩᠭᠤᠢ ᠣᠷᠤᠰᠢᠵᠤ ᠴᠢᠳᠠᠨ᠎ᠠ᠃ ᠲᠡᠭᠡᠭᠡᠳ 《ᠣᠢ ᠮᠤᠳᠤ ᠡᠪᠡᠰᠦ ᠤᠷᠭᠤᠮᠠᠯ ᠢ ᠬᠠᠢᠷᠯᠠᠨ ᠬᠢᠮᠠᠭᠠᠳᠠᠬᠤ ᠨᠢ ᠮᠡᠷᠭᠡᠳ ᠦᠨ ᠶᠤᠰᠤ》 ᠭᠡᠬᠦ ᠦᠵᠡᠯ ᠰᠠᠨᠠᠭ᠎ᠠ ᠨᠢ ᠶᠠᠫᠤᠨᠴᠤᠳ ᠤᠨ ᠪᠠᠭᠠᠢᠯᠢ ᠪᠠᠨ ᠬᠦᠨᠳᠦᠳᠭᠡᠵᠦ ᠬᠠᠢᠷᠯᠠᠬᠤ ᠦᠨᠢᠳᠡ ᠶᠢᠨ ᠰᠤᠷᠭᠠᠯ ᠪᠤᠯᠵᠤ ᠲᠤᠭᠲᠠᠪᠤᠷᠢᠵᠢᠭᠰᠠᠨ ᠶᠤᠮ᠃ ᠲᠤᠰ ᠦᠭᠦᠯᠡᠯ ᠳᠦ ᠮᠢᠨᠽᠠᠺᠢ ᠬᠠᠶᠠᠤ ᠶᠢᠨ ᠲᠦᠯᠦᠭᠡᠯᠡᠭᠴᠢ ᠪᠦᠲᠦᠭᠡᠯ ᠦᠳ ᠢ ᠵᠠᠳᠠᠯᠤᠨ ᠦᠭᠦᠯᠡᠬᠦ ᠶᠢᠨ ᠳᠠᠭᠠᠤ᠂ ᠶᠠᠫᠤᠨᠴᠤᠳ ᠤᠨ ᠰᠤᠶᠤᠯ ᠷᠠᠨᠰᠢᠨ ᠪᠠ ᠰᠢᠲᠦᠯᠭᠡ ᠪᠢᠰᠢᠷᠡᠯ ᠡᠴᠡ ᠶᠠᠫᠤᠨ ᠬᠦᠮᠦᠨ ᠦ ᠪᠠᠢᠭᠠᠯᠢ ᠠᠮᠢ ᠠᠬᠤᠢ ᠦᠵᠡᠯ ᠢ ᠵᠠᠳᠠᠯᠵᠠᠢ᠃ |
原文 |
没有原文
|
出自 |
赤峰学院学报(蒙文哲学社会科学版)
2016年
第1期
|