摘要 |
《ᠨᠢᠭᠤᠴᠠ ᠲᠤᠪᠴᠢᠶᠠᠨ》 ᠤ 124 ᠳ᠋ᠤᠭᠡᠷ ᠵᠦᠢᠯ ᠳ᠋ᠤ᠂ ᠴᠢᠩᠬᠢᠰ ᠬᠠᠭᠠᠨ ᠮᠣᠩᠭᠤᠯ ᠠᠢᠮᠠᠭ ᠤᠨ ᠬᠠᠨ ᠡᠷᠭᠦᠮᠵᠢᠯᠡᠭᠳᠡᠭᠡᠳ ᠬᠠᠨ ᠣᠷᠳᠤᠨ ᠤ ᠪᠠᠨ ᠲᠤᠳᠤᠷ ᠭᠠᠳᠠᠨᠠᠬᠢ ᠠᠵᠢᠯ ᠲᠤᠰᠢᠶᠠᠯᠲᠠᠨ ᠢ ᠲᠤᠮᠢᠯᠠᠬᠤ ᠦᠶᠰ᠂ ᠠᠷᠬᠠᠢᠬᠠᠰᠠᠷ᠂ ᠲᠠᠬᠠᠢ᠂ ᠰᠦᠭᠡᠭᠡᠢ᠂ ᠴᠠᠭᠤᠷᠬᠠᠨ ᠲᠦᠷᠪᠡᠨ ᠬᠦᠮᠦᠨ ᠢ 《ᠬᠤᠯᠠ ᠶᠢᠨ ᠬᠤᠭᠤᠴᠠᠭ᠂ ᠤᠢᠷ ᠠ ᠶᠢᠨ ᠤᠲᠤᠷ ᠠ》ᠭᠡᠭᠴᠢ ᠲᠤᠰᠬᠠᠢ ᠲᠤᠰᠢᠶᠠᠯ ᠳ᠋ᠤ ᠲᠤᠮᠢᠯᠠᠨ ᠬᠠᠷᠢᠴᠠᠭᠤᠯᠪᠠ᠃ ᠡᠨᠡ ᠲᠤᠬᠠᠢ ᠡᠷᠳᠡᠮᠲᠡᠳ ᠶᠠᠩᠵᠤ ᠪᠦᠷᠢ ᠪᠡᠷ ᠤᠢᠯᠠᠭᠠᠨ ᠲᠠᠯᠪᠤᠷᠢᠯᠠᠵᠤ᠂ ᠬᠠᠷᠢᠯᠴᠠᠨ ᠠᠳᠠᠯᠢ ᠪᠣᠰᠤ ᠦᠵᠡᠯᠲᠡ ᠲᠠᠨᠢᠯᠲᠠ ᠪᠠᠨ ᠲᠤᠷᠠᠳᠴᠦ ᠦᠩᠭᠡᠷᠡᠵᠡᠢ᠃ ᠭᠤᠤᠯᠳᠠᠭᠤ ᠨᠢᠭᠡ ᠳ᠋ᠤ᠂《ᠬᠤᠭᠤᠴᠠᠭ᠂ ᠤᠳᠤᠷ ᠠ》ᠬᠤᠶᠠᠡᠷ ᠦᠭᠡ ᠵᠢ ᠬᠡᠷᠬᠢᠨ ᠤᠷᠴᠢᠭᠤᠯᠵᠤ ᠲᠠᠢᠯᠪᠤᠷᠢᠯᠠᠬᠤ; ᠬᠤᠶᠠᠷ ᠲᠤ᠂ 《ᠬᠤᠯᠠ ᠶᠢᠨ ᠬᠤᠭᠤᠴᠠᠭ᠂ ᠤᠢᠷ ᠠ ᠶᠢᠨ ᠤᠳᠤᠷ ᠠ 》ᠭᠡᠭᠴᠢ ᠶᠠᠮᠠᠷ ᠠᠵᠢᠯ ᠲᠤᠰᠢᠶᠠᠯᠲᠠᠨ ᠪᠣᠯᠬᠤ ᠭᠡᠬᠦ ᠠᠰᠠᠭᠤᠳᠠᠯ ᠳ᠋ᠤ ᠲᠦᠪᠯᠡᠷᠡᠵᠦ ᠪᠠᠢᠨ᠎ᠠ᠃ ᠲᠤᠰ ᠦᠭᠦᠯᠡᠯ ᠳ᠋ᠤ《ᠨᠢᠭᠤᠴᠠ ᠲᠤᠪᠴᠢᠶᠠᠨ》 ᠤ ᠲᠡᠦᠬᠡ ᠶᠢᠨ ᠭᠡᠷᠡᠭ ᠶᠠᠪᠤᠳᠠᠯ ᠳ᠋ᠤ ᠰᠠᠭᠤᠷᠢᠯᠠᠨ《ᠬᠤᠯᠠ ᠶᠢᠨ ᠬᠤᠭᠤᠴᠠᠭ᠂ ᠤᠢᠷ ᠠ ᠶᠢᠨ ᠣᠲᠤᠷ ᠠ 》 ᠨᠢ ᠡᠯᠴᠢ ᠵᠢ ᠵᠢᠭᠠᠭᠰᠠᠨ ᠵᠢᠴᠢ ᠡᠢᠮᠦᠷᠬᠦ ᠡᠯᠴᠢ ᠶᠢᠨ ᠲᠤᠰᠢᠶᠠᠯᠲᠠᠨ ᠤ ᠬᠦᠢᠴᠡᠳᠭᠡᠵᠦ ᠪᠠᠢᠭᠰᠠᠨ ᠡᠭᠦᠷᠭᠡ ᠬᠠᠷᠢᠭᠤᠴᠠᠯᠭ᠎ᠠ᠂ ᠡᠯᠴᠢᠯᠡᠬᠦ ᠶᠣᠰᠤ ᠲᠦᠷᠢᠮ ᠵᠡᠷᠭᠡ ᠲᠠᠯ ᠠ ᠪᠡᠷ ᠲᠦᠭᠦᠮᠬᠡᠨ ᠠᠵᠢᠭᠯᠯᠲᠠ ᠬᠢᠬᠦ ᠪᠣᠯᠤᠨ᠎ᠠ᠃ |