题名 |
ᠮᠣᠩᠭᠤᠯ ᠬᠠᠭ᠋᠋ᠠᠨᠲᠤ ᠤᠯᠤᠰ ᠪᠠᠢᠭ᠋᠋ᠤᠯᠤᠭᠳᠠᠬᠤ ᠠᠴᠠ ᠡᠮᠦᠨ᠋᠋ᠡ᠋ᠬᠢ ᠤᠮᠠᠷᠠᠲᠤ ᠶᠢᠨ ᠡᠯ᠎ᠡ ᠦᠨᠳᠦᠰᠦᠲᠡᠨ ᠦ ᠲᠤᠬᠠᠢ |
作者 |
ᠡᠦ ᠦᠯᠵᠡᠢ; ᠲᠤᠶᠠᠭ᠎ᠠ; ᠰᠢᠨ ᠭᠦᠢ ᠮᠧᠢ |
关键词 |
ᠮᠣᠩᠭᠤᠯ ᠬᠠᠭ᠋᠋ᠠᠨᠲᠤ ᠤᠯᠤᠰ; ᠤᠮᠠᠷᠠᠲᠤ ᠶᠢᠨ ᠦᠨᠳᠦᠰᠦᠲᠡᠨ; ᠬᠠᠭ᠋᠋ᠤᠴᠢᠳ ᠤᠨ ᠦᠯᠡᠳᠡᠭᠳᠡᠯ |
摘要 |
ᠮᠣᠩᠭᠤᠯ ᠤᠨ ᠮᠠᠨᠳᠤᠯ ᠠᠴᠠ ᠡᠮᠦᠨ᠎ᠡ᠂ ᠤᠷᠲᠤ ᠴᠠᠭ᠋ᠠᠨ ᠬᠡᠷᠡᠮ ᠡᠴᠡ ᠬᠤᠢᠰᠢᠬᠢ ᠦᠷᠭᠡᠨ ᠠᠭ᠋ᠤᠳᠠᠮ ᠨᠤᠲᠤᠭ ᠣᠷᠤᠨ ᠳᠤ ᠮᠠᠰᠢ ᠣᠯᠠᠨ ᠦᠨᠳᠦᠰᠦᠲᠡᠨ ᠤᠭᠰᠠᠭ᠋ᠠᠲᠠᠨ ᠣᠷᠤᠰᠢᠨ ᠠᠮᠢᠳᠤᠷᠠᠵᠤ ᠪᠠᠢᠵᠠᠢ᠃ ᠠᠯᠢ ᠡᠷᠲᠡ ᠬᠠᠭ᠋ᠤᠴᠢᠨ ᠴᠢᠯᠠᠭ᠋ᠤᠨ ᠵᠡᠪᠰᠡᠭ ᠦᠨ ᠦᠶ ᠡ ᠪᠡ ᠰᠢᠨ᠎ᠡ ᠴᠢᠯᠠᠭ᠋ᠤᠨ ᠵᠡᠪᠰᠡᠭ ᠦᠨ ᠦᠶ ᠡ ᠳᠦ ᠡᠨᠳᠡ ᠰᠠᠭ᠋ᠤᠭ᠋ᠠᠯᠢ ᠠᠷᠠᠳ ᠰᠠᠭ᠋ᠤᠵᠤ ᠪᠠᠢᠵᠠᠢ ᠭᠡᠰᠡᠨ ᠢ ᠬᠠᠭ᠋ᠤᠴᠢᠳ ᠦᠨ ᠦᠯᠡᠳᠡᠭᠳᠡᠯ ᠭᠡᠷᠡᠴᠢᠯᠡᠵᠦ ᠪᠠᠢᠨ᠎ᠠ᠃ ᠬᠠᠭ᠋ᠤᠴᠢᠨ ᠴᠢᠯᠠᠭ᠋ᠤᠨ ᠵᠡᠪᠰᠡᠭ ᠦᠨ ᠦᠶ᠎ᠡ ᠶᠢᠨ 《ᠪᠤᠷᠤ ᠲᠤᠬᠤᠢ ᠶᠢᠨ ᠬᠦᠮᠦᠨ ᠦ ᠰᠤᠶᠤᠯ》 ᠢ ᠬᠦᠬᠡᠬᠤᠲᠠ ᠶᠢᠨ ᠵᠡᠭᠦᠨ ᠲᠡᠭᠦᠷᠭᠡ ᠶᠢᠨ ᠳᠠ ᠶᠤᠤ ᠼᠦᠨ ᠵᠡᠷᠭᠡ ᠭᠠᠵᠠᠷ ᠠᠴᠠ ᠮᠠᠯᠲᠠᠨ ᠭᠠᠷᠭ᠋ᠠᠪᠠ᠂ ᠰᠢᠨ᠎ᠡ ᠴᠢᠯᠠᠭ᠋ᠤᠨ ᠵᠡᠪᠰᠡᠭ ᠦᠨ ᠦᠶ᠎ᠡ ᠶᠢᠨ 《ᠨᠠᠷᠢᠯᠢᠭ ᠴᠢᠯᠠᠭ᠋ᠤᠨ ᠪᠠᠭ᠋ᠠᠵᠢ ᠶᠢᠨ ᠰᠤᠶᠤᠯ》 ᠨᠢ ᠬᠠᠢᠯᠠᠢ᠂ ᠵᠠᠯᠠᠢᠨ᠋ᠠᠭ᠋ᠤᠷ ᠪᠤᠯᠤᠨ ᠠᠮᠤᠭ᠋ᠤᠯᠠᠩ ᠵᠡᠷᠭᠡ ᠦᠷᠭᠡᠨ ᠠᠭ᠋ᠤᠳᠠᠮ ᠣᠷᠤᠨ ᠳᠤ ᠢᠯᠡᠷᠡᠭᠰᠡᠨ ᠪᠠᠢᠨ᠎ᠠ᠃ ᠪᠠᠰᠠ ᠲᠠᠷᠢᠶᠠᠯᠠᠩ᠂ ᠮᠠᠯ ᠠᠵᠤ ᠠᠬᠤᠢ ᠪᠠᠷ ᠭᠤᠤᠯᠯᠠᠵᠤ᠂ ᠡᠩ ᠦᠨ ᠠᠵᠤ ᠠᠬᠤᠢ ᠶᠢ ᠬᠠᠪᠰᠤᠷᠭ᠋ᠠᠨ ᠡᠵᠡᠩᠨ᠋ᠡᠭᠰᠡᠨ ᠠᠮᠢᠳᠤᠷᠠᠯ ᠢ ᠳᠤᠰᠬᠠᠭᠰᠠᠨ 《ᠹᠦ᠋ ᠾᠧ ᠶᠢᠨ ᠰᠤᠶᠤᠯ》 ᠪᠠ 《ᠰᠢᠶᠠ ᠵᠢᠶᠠ ᠳ᠋ᠢᠶᠠᠨ》 ᠤ ᠳᠡᠭᠡᠳᠦ ᠳᠠᠪᠬᠤᠷᠭ᠎ᠠ ᠶᠢᠨ ᠰᠤᠶᠤᠯ ᠵᠢᠴᠢ ᠳᠤᠤᠷᠠᠲᠤ ᠳᠠᠪᠬᠤᠷᠭ᠎ᠠ ᠶᠢᠨ ᠰᠤᠶᠤᠯ ᠵᠡᠷᠭᠡ ᠪᠠᠢᠳᠠᠭ᠃ ᠡᠨ᠋ᠡ ᠪᠦᠬᠦᠨ ᠨᠢ ᠶᠡᠬᠡ ᠬᠤᠪᠢ ᠶᠢᠨ ᠡᠮᠦᠨ᠎ᠡ ᠤᠮᠠᠷ᠎ᠠ ᠳᠠᠬᠢ ᠠᠭ᠋ᠤᠳᠠᠮ ᠶᠡᠬᠡ ᠤᠮᠠᠷᠠᠲᠤ ᠶᠢᠨ ᠲᠠᠯ ᠠ ᠨᠤᠲᠤᠭ ᠲᠤ ᠮᠠᠰᠢ ᠡᠷᠲᠡᠨ ᠦ ᠦᠶ᠎ᠡ ᠡᠴᠡ ᠬᠦᠮᠦᠨ ᠣᠷᠤᠰᠢᠨ ᠠᠮᠢᠳᠤᠷᠠᠵᠤ ᠪᠠᠢᠵᠠᠢ ᠭᠡᠰᠡᠨ ᠢ ᠬᠠᠷᠠᠭ᠋ᠤᠯᠵᠤ ᠪᠠᠢᠬᠤ ᠶᠤᠮ᠃ |
原文 |
没有原文
|
出自 |
内蒙古民族大学学报(社会科学)
2002年
第1期
|