摘要 |
ᠤᠢᠷᠠᠳᠴᠤᠳ ᠣᠳᠣ ᠪᠣᠯᠲᠠᠯ ᠠ ᠤᠲᠤᠮᠰᠢᠭᠰᠠᠨ ᠵᠠᠩᠰᠢᠯ ᠤᠨ ᠢᠢᠡᠨ ᠶᠠᠰᠤ ᠪᠡᠷ ᠰᠠᠢᠨ ᠢᠷᠣ ᠠ ᠪᠣᠯᠯᠤᠨ ᠮᠠᠭᠤ ᠢᠷᠤ ᠠ ᠭᠡᠬᠦ ᠬᠤᠶᠠᠡ ᠵᠦᠢᠯ ᠤᠨ ᠪᠠᠯᠠᠷᠯᠢᠭ ᠤᠢᠯᠠᠭᠠᠭᠳᠠᠬᠤᠨ ᠢ ᠰᠢᠲᠦᠨ ᠪᠢᠰᠢᠷᠡᠵᠦ ᠰᠦᠰᠦᠭᠯᠡᠨ ᠰᠤᠷᠳᠠᠯᠴᠢᠯᠠᠵᠤ ᠶᠠᠪᠤᠳᠠᠭ ᠪᠦᠭᠡᠳ ᠰᠠᠢᠨ ᠢᠷᠦ ᠠ ᠲᠠᠢ ᠭᠡᠵᠦ ᠦᠵᠡᠭᠰᠡᠨ ᠵᠦᠢᠯ ᠢ ᠪᠠᠨ ᠵᠢᠷᠤᠮᠯᠠᠨ ᠮᠠᠭᠤ ᠢᠷᠤ ᠠ ᠲᠠᠢ ᠭᠡᠵᠦ ᠰᠠᠨᠠᠭᠰᠠᠨ ᠵᠦᠢᠯ ᠢᠢᠡᠨ ᠴᠡᠭᠡᠷᠯᠡᠨ᠂ ᠤᠶᠤᠨ ᠤᠬᠠᠭᠠᠨ ᠪᠣᠳᠤᠯ ᠰᠠᠨᠠᠭᠠᠨ ᠤ ᠪᠠᠨ ᠲᠤᠯᠭᠠᠭᠤᠷᠢ ᠪᠣᠯᠭᠠᠵᠤ᠂ ᠪᠠᠷᠤᠭ ᠠᠯᠢᠪᠠ ᠦᠢᠯᠡ ᠠᠵᠢᠯᠯᠠᠭᠠᠨ ᠳ᠋ᠠᠭᠠᠨ ᠠᠩᠬᠠᠷᠤᠨ ᠴᠢᠬᠤᠯᠠᠴᠢᠯᠠᠵᠤ᠂ ᠠᠵᠤ ᠠᠮᠢᠳᠤᠷᠠᠯ ᠤᠨ ᠨᠢᠭᠡᠨ ᠶᠣᠰᠤ ᠵᠢᠷᠤᠮ ᠮᠡᠲᠦ ᠤᠯᠠᠮᠵᠢᠯᠠᠨ ᠢᠷᠡᠵᠡᠢ᠃ ᠡᠢᠮᠦ ᠡᠴᠡ᠂ ᠡᠨᠡᠬᠦ ᠤᠲᠤᠮᠰᠢᠯᠲᠤ ᠰᠣᠶᠣᠯ ᠤᠨ ᠦᠵᠡᠭᠳᠡᠯ ᠢ ᠬᠤᠷᠢᠶᠠᠩᠭᠤᠢᠯᠠᠨ ᠰᠢᠨᠵᠢᠯᠡᠵᠦ᠂ ᠲᠡᠭᠦᠨ ᠤ ᠡᠷᠲᠡᠮ ᠰᠢᠨᠵᠢᠯᠡᠭᠡᠨ ᠤ ᠦᠷᠲᠡᠭ ᠢ ᠲᠤᠳᠤᠷᠠᠭᠤᠯᠬᠤ ᠶᠠᠪᠤᠳᠠᠯ ᠮᠣᠩᠭᠤᠯ ᠵᠠᠩ ᠦᠢᠯᠡ ᠶᠢᠨ ᠰᠣᠳᠤᠯᠭᠠᠨ ᠳ᠋ᠤ ᠠᠴᠢ ᠬᠤᠯᠪᠤᠭᠳᠠᠯ ᠲᠠᠢ ᠵᠦᠢᠯ ᠪᠣᠯᠬᠤ ᠶᠣᠮ᠃ |