题名 |
ᠮᠣᠩᠭᠤᠯ ᠡᠮ ᠰᠦᠭᠮᠧᠯ —7᠋ ᠶᠢᠨ ᠶᠠᠰᠤ ᠴᠢᠨᠠᠷ ᠤᠨ ᠪᠠᠷᠢᠮᠵᠢᠶ᠎ᠠ ᠶᠢᠨ ᠰᠤᠳᠤᠯᠭ᠎ᠠ |
作者 |
ᠰᠢᠦᠢ ᠴᠢᠩ; ᠦᠷᠦᠨᠲᠤᠶᠠᠭ᠎ᠠ; ᠬᠠᠰᠲᠤᠶᠠᠭ᠎ᠠ |
关键词 |
ᠰᠦᠭᠮᠧᠯ -7; ᠶᠠᠰᠤ ᠴᠢᠨᠠᠷ ᠤᠨ ᠪᠠᠷᠢᠮᠵᠢᠶ᠎ᠠ; ᠭᠤᠤᠯᠳᠤ ᠪᠤᠷᠤ ᠶᠢᠨ ᠹᠧᠨᠤᠯ; ᠨᠢᠮᠬᠡᠨ ᠳᠠᠪᠬᠤᠷᠭ᠎ᠠ ᠵᠠᠳᠠᠯᠤᠯ ᠤᠨ ᠠᠷᠭ᠎ᠠ; ᠰᠢᠩᠭᠡᠨ ᠲᠦᠯᠦᠪᠲᠦ ᠦᠩᠭᠡ ᠵᠢᠭ᠌ᠰᠠᠯ ᠤᠨ ᠠᠷᠭ᠎ᠠ |
摘要 |
ᠨᠢᠮᠬᠡᠨ ᠳᠠᠪᠬᠤᠡᠷᠭᠠ ᠶᠢᠨ ᠵᠠᠳᠠᠯᠤᠯ ᠤᠨ ᠠᠷᠭ᠎ᠠ ᠪᠠᠷ ᠰᠦᠭᠮᠧᠯ -7᠋ ᠳᠦ ᠬᠢ ᠽᠠᠳᠢ᠂ ᠠᠭᠠᠷᠤ ᠶᠢ ᠢᠯᠭᠠᠨ ᠲᠤᠭᠲᠠᠭᠠᠵᠤ᠂ ᠰᠢᠩᠭᠡᠨ ᠲᠦᠯᠦᠪᠲᠦ ᠦᠩᠭᠡ ᠵᠢᠭ᠌ᠰᠠᠯ ᠤᠨ ᠠᠷᠭ᠎ᠠ ᠪᠠᠷ ᠭᠤᠤᠯᠳᠤ ᠪᠤᠷᠤ ᠶᠢᠨ ᠹᠧᠨᠤᠯ ᠤᠨ ᠠᠭᠤᠯᠤᠭᠳᠠᠴᠠ ᠶᠢ ᠬᠡᠮᠵᠢᠪᠡ᠃ ᠡᠭᠦᠨ ᠳᠦ ᠬᠡᠷᠡᠭᠯᠡᠭᠰᠡᠨ ᠦᠩᠭᠡ ᠵᠢᠭ᠌ᠰᠠᠯ ᠤᠨ ᠪᠠᠭᠠᠨ᠎ᠠ ᠨᠢ pnenomen C18 (250×4.6mm 5μm)᠂ ᠤᠷᠤᠰᠬᠠᠯ ᠤᠨ ᠹᠠᠰ ᠨᠢ ᠮᠧᠲ᠋ᠢᠯ ᠠᠯᠺᠤᠤᠯ — ᠤᠰᠤ = (65᠌᠄ 35)᠂ ᠤᠷᠤᠰᠬᠠᠯ ᠤᠨ ᠬᠤᠷᠳᠤᠴᠠ ᠨᠢ 1.0ml/min᠂ ᠰᠢᠯᠭᠠᠨ ᠬᠡᠮᠵᠢᠬᠦ ᠳᠤᠯᠭᠢᠶᠠᠨ ᠤ ᠤᠷᠲᠤ ᠨᠢ 280mm᠂ ᠪᠠᠭᠠᠨ᠎ᠠ ᠶᠢᠨ ᠲᠤᠯᠭᠠᠴᠠ ᠨᠢ 300℃ ᠪᠤᠯᠤᠨ᠎ᠠ᠃ ᠬᠡᠮᠵᠢᠯᠲᠡ ᠶᠢᠨ ᠳ᠋ᠦᠩ ᠦᠨ ᠭᠡᠷᠡᠴᠢᠯᠡᠭᠰᠡᠨ ᠢᠶᠡᠷ᠂ ᠦᠯᠢᠭᠡᠷ ᠦᠢᠯᠡᠳᠭᠦᠨ ᠢ ᠣᠷᠤᠭᠤᠯᠬᠤ ᠬᠡᠮᠵᠢᠶ᠎ᠡ ᠨᠢ 186.8 - 1868μm/ml ᠦᠶᠡᠰ ᠨᠤᠮᠤ ᠶᠢᠨ ᠲᠠᠯᠠᠪᠠᠢ ᠲᠠᠢ ᠪᠠᠨ ᠱᠤᠭᠤᠮᠯᠢᠭ ᠬᠠᠷᠢᠴᠠᠭ᠎ᠠ ᠲᠠᠢ (γ=0.9997)᠂ ᠳᠤᠮᠳᠠᠴᠢ ᠪᠤᠴᠠᠭᠠᠮᠵᠢ ᠨᠢ 100.03%(n=5)᠂ ᠲᠤᠷᠰᠢᠯᠲᠠ ᠶᠢᠨ ᠳ᠋ᠦᠩ ᠬᠠᠷᠠᠭᠤᠯᠤᠭᠰᠠᠨ ᠨᠢ᠂ ᠲᠤᠰ ᠬᠡᠮᠵᠢᠯᠲᠡ ᠶᠢᠨ ᠠᠷᠭ᠎ᠠ ᠨᠢ ᠠᠵᠢᠭᠯᠠᠬᠤ ᠳᠤ ᠳᠦᠭᠦᠮ ᠮᠦᠷᠲᠡᠭᠡᠨ ᠣᠨᠣᠪᠴᠢᠲᠠᠢ᠂ ᠳᠠᠪᠲᠠᠯᠲᠤ ᠶᠢᠨ ᠴᠢᠨᠠᠷ ᠰᠠᠢ᠌ᠨ᠂ ᠰᠦᠭᠮᠧᠯ -7᠋ ᠶᠢᠨ ᠶᠠᠰᠤ ᠴᠢᠨᠠᠷ ᠢ ᠬᠡᠮᠵᠢᠬᠦ ᠠᠷᠭ᠎ᠠ ᠪᠤᠯᠭᠠᠵᠤ ᠪᠤᠯᠤᠨ᠎ᠠ᠃ |
原文 |
查看原文
|
出自 |
内蒙古民族大学学报(蒙医药学)
2013年
第1期
|