论文信息


题名 《ᠮᠣᠩᠭᠤᠯ ᠤᠨ ᠨᠢᠭᠤᠴᠠ ᠲᠤᠪᠴᠢᠶᠠᠨ》ᠳ᠋ᠡᠬᠢ ᠨᠢᠭᠡᠨ ᠦᠪᠡᠷᠮᠢᠴᠡ ᠬᠡᠯᠡᠯᠭ ᠡᠪᠡ 《ᠡᠴᠡ》ᠲᠠᠭᠠᠪᠤᠷᠢ ᠶᠢᠨ ᠤᠳᠬ ᠠ ᠬᠡᠷᠡᠭᠯᠡᠭᠡᠨ ᠤ ᠨᠢᠭᠡᠨ ᠠᠰᠠᠭᠤᠳᠠᠯ
作者 ᠪᠦᠷᠢᠨᠪᠠᠲᠦ
关键词 ᠦᠪᠡᠷᠮᠢᠴᠡ ᠬᠡᠯᠡᠯᠭᠡ; 《ᠡᠴᠡ 》ᠲᠠᠭᠠᠪᠤᠷᠢ
摘要 《ᠮᠣᠨᠭᠤᠯ ᠤᠨ ᠨᠢᠭᠤᠴᠠ ᠲᠤᠪᠴᠢᠶᠠᠨ》ᠳ᠋ᠤ᠂ ᠴᠢᠩᠬᠢᠰ ᠬᠠᠭᠠᠨ ᠵᠠᠯᠭᠠᠮᠵᠢᠯᠠᠭᠴᠢ ᠪᠠᠨ ᠲᠤᠭᠲᠠᠭᠠᠬᠤ ᠠᠰᠠᠭᠤᠳᠠᠯ ᠢ ᠠᠩᠬᠠᠷᠤᠯ ᠳ᠋ᠤ ᠪᠠᠨ ᠠᠪᠤᠯ ᠦᠭᠡᠢ ᠶᠠᠪᠤᠭᠰᠠᠨ ᠢᠢᠡᠨ《ᠪᠡ ᠪᠡᠷ ᠤᠷᠢᠳᠤᠰ ᠢ ᠦᠯᠦ ᠤᠳᠠᠭᠠᠷᠠᠬᠤᠢ ᠡᠴᠡ ᠣᠮᠠᠷᠲᠠᠵᠤ ᠠᠵᠤᠭᠤ᠂ᠦᠬᠦᠯᠡᠩ ᠦᠯᠦ ᠡᠷᠦᠰᠳᠡᠬᠦᠢ ᠡᠴᠡ ᠤᠨᠳᠠᠷᠠᠵᠦ ᠠᠵᠤᠭᠤ》ᠭᠡᠵᠦ ᠬᠡᠯᠡᠭᠰᠡᠨ ᠭᠡᠰᠡᠨ ᠲᠡᠮᠳᠡᠭᠯᠡᠵᠡᠢ᠃ᠡᠬᠦᠨ ᠤ 《ᠤᠷᠢᠳᠤᠰ ᠢ ᠤᠳᠠᠭᠠᠷᠠᠬᠤᠢ》《ᠦᠬᠦᠯᠡᠩ ᠡ᠎ ᠡᠷᠦᠰᠳᠡᠬᠦᠢ》ᠪᠣᠯ ᠪᠦᠷ ᠪᠦᠲᠦᠴᠡ ᠶᠢᠨ ᠬᠤᠪᠢ ᠲ᠋ᠤ ᠲᠤᠭᠲᠠᠭᠰᠠᠨ ᠨᠡᠢᠯᠡᠮᠵᠢ ᠪᠦᠲᠦᠴᠡ ᠪᠣᠯᠬᠤ ᠪᠦᠭᠡᠳ ᠤᠳᠬ ᠠ ᠬᠡᠷᠡᠭᠯᠡᠭᠡᠨ ᠤ ᠬᠤᠪᠢ ᠳ᠋ᠤ ᠪᠣᠯ 《ᠦᠬᠦᠬᠦ》ᠵᠢ ᠵᠢᠭᠠᠭᠰᠠᠨ ᠴᠡᠭᠡᠷ ᠦᠭᠡ ᠪᠣᠯᠤᠨ᠎ᠠ᠃ᠡᠭᠦᠨ ᠤ 《ᠡᠴᠡ 》ᠲᠠᠭᠠᠪᠤᠷᠢ ᠨᠢ 《ᠭᠠᠷᠬᠤ ᠶᠢᠨ ᠲᠠᠢᠨ ᠢᠯᠠᠭᠠᠯ》 ᠤᠨ ᠤᠳᠬ ᠠ ᠲᠠᠢ ᠯᠡ ᠪᠢᠰᠢ᠂ ᠬᠠᠢᠨ 《ᠬᠤ ᠡᠴᠡ᠂ ᠬᠤᠢ ᠡᠴᠡ᠂ ᠬᠦᠢ ᠡᠴᠡ》ᠭᠡᠳᠡᠭ 《ᠲᠡᠮᠳᠡᠭ ᠦᠢᠯᠡ ᠦᠭᠡ ᠶᠢᠨ ᠬᠡᠯᠪᠡᠷᠢ》ᠪᠣᠯᠬᠤ ᠲᠤᠯᠠ ᠡᠨᠳᠡ 《ᠬᠡᠮᠵᠢᠶ ᠠ ᠪᠠᠢᠳᠠᠯ ᠢ ᠠᠳᠠᠯᠢᠳᠬᠠᠭᠰᠠᠨ》 ᠤᠳᠬᠠᠲᠠᠢ ᠬᠡᠷᠡᠭᠯᠡᠭᠳᠡᠵᠡᠢ᠃ ᠲᠡᠮᠳᠡᠭ ᠦᠢᠯᠡ ᠦᠭᠡ ᠶᠢᠨ ᠡᠨᠡ ᠬᠡᠯᠪᠡᠷᠢ《ᠮᠣᠩᠭᠤᠯ ᠤᠨ ᠨᠢᠭᠤᠴᠠ ᠲᠤᠪᠴᠢᠶᠠᠨ》 ᠳᠤ 《ᠬᠢᠷᠢ ᠬᠡᠮᠵᠢᠶ ᠡ》᠂ 《ᠪᠣᠯᠤᠮᠵᠢ ᠪᠣᠯᠤᠯᠴᠠᠭ᠎ᠠ》᠂《ᠬᠡᠮᠵᠢᠶ ᠡ ᠪᠡᠢᠳᠠᠯ ᠢ ᠠᠳᠠᠯᠢᠳᠬᠠᠭᠰᠠᠨ》ᠵᠡᠷᠭᠡ ᠤᠳᠬᠠᠳᠠᠢ ᠬᠡᠷᠡᠭᠯᠡᠭᠳᠡᠵᠦ ᠪᠠᠢᠪᠠ᠃ ᠣᠷᠴᠢᠨ ᠴᠠᠭ ᠤᠨ ᠮᠣᠩᠭᠤᠯ ᠬᠡᠯᠡᠨ ᠤ 《ᠬᠤᠢᠴᠠ᠂ ᠬᠦᠢᠴᠡ》ᠲᠠᠭᠠᠪᠤᠷᠢ ᠡᠭᠦᠨ ᠡᠴᠡ ᠢᠷᠡᠯᠳᠡᠳᠡᠢ ᠠᠵᠠᠢ᠃ ᠴᠢᠩᠬᠢᠰ ᠬᠠᠭᠠᠨ ᠤ ᠬᠡᠯᠡᠭᠰᠡᠨ ᠦᠭᠡ ᠵᠢ ᠣᠳᠣ 《ᠪᠢ ᠪᠡᠷ ᠤᠷᠢᠳᠤᠰ ᠢ ᠦᠯᠦ ᠤᠳᠠᠭᠠᠷᠠᠬᠤᠢᠴᠠ ᠤᠮᠠᠷᠲᠠᠵᠤ ᠠᠵᠤᠭᠤ᠃ ᠦᠬᠦᠯᠡᠩ ᠳ᠋ᠤ ᠦᠯᠦ ᠡᠷᠦᠰᠳᠡᠬᠦᠢᠴᠡ ᠤᠨᠳᠠᠷᠠᠵᠤ ᠠᠵᠤᠭᠤ》——《ᠡᠷ ᠪᠡᠷ ᠤᠷᠢᠳᠤᠰ ᠢ ᠤᠳᠠᠭᠠᠷᠠᠬᠤ(ᠦᠬᠦᠬᠦ)ᠦᠭᠡᠢᠶᠣᠮ ᠰᠢᠭ ᠮᠡᠷᠳᠡᠵᠡᠢ᠂ ᠦᠬᠦᠯᠡᠩ ᠳ᠋ᠤ ᠡᠷᠦᠰᠳᠡᠬᠦ(ᠦᠬᠦᠬᠦ)ᠦᠭᠡᠢ ᠶᠣᠮ ᠰᠢᠭ ᠤᠬᠠᠵᠤ ᠤᠯᠤᠭ᠎ᠠ ᠦᠭᠡᠢ ᠪᠠᠢᠵᠠᠢ 》ᠭᠡᠵᠦ ᠤᠢᠯᠠᠭᠠᠪᠠᠯ ᠵᠣᠬᠢᠨ᠎ᠠ
原文 没有原文
出自 蒙古学研究 2001年 第2期

联系我们


内蒙古大学图书馆
呼和浩特市大学西路235号
中国·内蒙古
P: (0471) 4992561
E: huangfeilong@imu.edu.cn