论文信息


题名 ᠬᠡᠯᠡᠨ ᠦ ᠮᠠᠲ᠋ᠧᠷᠢᠶᠠᠯ ᠳᠤ ᠰᠠᠭᠤᠷᠢᠯᠠᠭᠰᠠᠨ ᠮᠣᠩᠭᠤᠯ ᠬᠢᠲᠠᠳ ᠬᠤᠤᠰ ᠬᠡᠯᠡᠨ ᠦ ᠵᠡᠷᠭᠡᠴᠡᠭᠦᠯᠦᠯ ᠦᠨ ᠰᠤᠷᠠᠭ ᠵᠠᠩᠭᠢ ᠡᠷᠢᠯᠬᠢᠯᠡᠬᠦ ᠪᠠᠭᠠᠵᠢ ᠶᠢᠨ ᠲᠦᠯᠦᠪᠯᠡᠭᠡ ᠬᠢᠭᠡᠳ ᠪᠡᠶᠡᠯᠡᠭᠦᠯᠦᠯᠲᠡ
作者 ᠹᠦ᠋ ᠮᠦᠷᠡᠨ; ᠵᠠᠩ ᠭᠧᠨ ᠰᠢᠶᠦ᠋ᠩ
关键词 ᠬᠤᠤᠰ ᠬᠡᠯᠡᠨ ᠦ ᠮᠠᠲ᠋ᠧᠷᠢᠶᠠᠯ ᠤᠨ ᠬᠦᠮᠦᠷᠭᠡ ᠶᠢᠨ ᠵᠡᠷᠭᠡᠴᠡᠭᠦᠯᠦᠯ; ᠲᠦᠯᠦᠪᠯᠡᠭᠡ; ᠦᠭᠡᠰ ᠦᠨ ᠰᠠᠩ; ᠦᠭᠦᠯᠡᠪᠦᠷᠢ ᠵᠦᠢ ᠶᠢᠨ ᠪᠦᠲᠦᠴᠡ
摘要 ᠨᠠᠲ᠋ᠦ᠋ᠷᠠᠯ ᠬᠡᠯᠡᠨ ᠦ ᠰᠢᠢᠳᠪᠦᠷᠢᠯᠡᠯᠲᠡ ᠶᠢᠨ ᠬᠡᠪᠴᠢᠶᠡᠨ ᠳᠦ᠂ ᠬᠤᠤᠰ ᠬᠡᠯᠡᠨ ᠦ ᠮᠠᠲ᠋ᠧᠷᠢᠶᠠᠯ ᠦᠨ ᠬᠦᠮᠦᠷᠭᠡ ᠶᠢᠨ ᠵᠡᠷᠭᠡᠴᠡᠭᠦᠯᠦᠯ ᠦᠨ ᠬᠦᠨᠳᠦ ᠴᠢᠬᠤᠯᠠ ᠴᠢᠨᠠᠷ ᠨᠢ ᠡᠳᠦᠷ ᠢᠷᠡᠬᠦᠶ᠎ᠡ ᠭᠦᠨᠵᠡᠭᠡᠶᠢᠷᠡᠵᠦ ᠪᠠᠢᠨ᠎ᠠ᠃ ᠬᠤᠤᠰ ᠬᠡᠯᠡᠨ ᠦ ᠮᠠᠲ᠋ᠧᠷᠢᠶᠠᠯ ᠤᠨ ᠬᠦᠮᠦᠷᠭᠡ ᠶᠢᠨ ᠵᠡᠷᠭᠡᠴᠡᠭᠦᠯᠦᠯ ᠮᠠᠰᠢᠨ ᠣᠷᠴᠢᠭᠤᠯᠭ᠎ᠠ᠂ ᠲᠤᠯᠢ ᠵᠦᠢ ᠶᠢᠨ ᠨᠠᠢᠷᠠᠭᠤᠯᠭ᠎ᠠ᠂ ᠰᠤᠷᠠᠭ ᠵᠠᠩᠭᠢ᠂ ᠣᠷᠴᠢᠭᠤᠯᠭ᠎ᠠ ᠶᠢᠨ ᠮᠡᠳᠡᠯᠭᠡ ᠣᠯᠬᠤ ᠵᠡᠷᠭᠡ ᠬᠦᠷᠢᠶ᠎ᠡ ᠬᠡᠪᠴᠢᠶᠡᠨ ᠳᠦ ᠲᠤᠢᠯ ᠤᠨ ᠴᠢᠬᠤᠯᠠ ᠰᠤᠳᠤᠯᠤᠯᠲᠠ ᠪᠤᠯᠤᠨ ᠬᠡᠷᠡᠭᠯᠡᠯᠲᠡ ᠶᠢᠨ ᠦᠨ᠎ᠡ ᠦᠷᠲᠡᠭ ᠲᠡᠢ ᠪᠠᠢᠳᠠᠭ᠃ ᠬᠤᠤᠰ ᠬᠡᠯᠡᠨ ᠦ ᠮᠠᠲ᠋ᠧᠷᠢᠶᠠᠯ ᠤᠨ ᠬᠦᠮᠦᠭᠡ ᠶᠢᠨ ᠰᠤᠳᠤᠯᠤᠯᠲᠠ ᠶᠢᠨ ᠠᠵᠢᠯ ᠤᠨ ᠭᠤᠤᠯᠳᠠᠯᠭ᠎ᠠ ᠨᠢ ᠳᠠᠷᠤᠢ ᠬᠡᠯᠡᠨ ᠦ ᠮᠠᠲ᠋ᠧᠷᠢᠶᠠᠯ ᠢ ᠴᠤᠭᠴᠠᠯᠠᠨ ᠪᠠᠢᠭᠤᠯᠵᠤ᠂ ᠬᠡᠯᠡᠨ ᠦ ᠮᠠᠲ᠋ᠧᠷᠢᠶᠠᠯ ᠤᠨ ᠵᠡᠷᠭᠡᠴᠡᠭᠦᠯᠦᠯᠲᠡ ᠪᠤᠯᠤᠨ ᠬᠠᠳᠠᠨ ᠲᠠᠢᠯᠪᠤᠷᠢᠯᠠᠬᠤ ᠵᠡᠷᠭᠡ ᠲᠠᠯ᠎ᠠ ᠪᠠᠷ ᠬᠢ ᠰᠤᠳᠤᠯᠤᠯᠲᠠ ᠳᠤ ᠲᠦᠪᠯᠡᠷᠡᠵᠦ ᠪᠠᠢᠨ᠎ᠠ᠃
原文 没有原文
出自 内蒙古师范大学学报(自然科学蒙古文版) 2011年 第4期

联系我们


内蒙古大学图书馆
呼和浩特市大学西路235号
中国·内蒙古
P: (0471) 4992561
E: huangfeilong@imu.edu.cn