摘要 |
ᠳᠠᠷᠤᠮᠠᠯ ᠦᠳᠡᠭᠡᠷᠢᠯᠡᠯ ᠪᠤᠯ ᠨᠤᠮ ᠪᠢᠴᠢᠭ ᠢ ᠪᠦᠲᠦᠭᠡᠬᠦ ᠶᠢᠨ ᠴᠢᠬᠤᠯᠠ ᠵᠠᠩᠭᠢᠯᠠᠭ᠎ᠠ ᠪᠤᠯᠤᠨ᠎ᠠ᠃ ᠮᠣᠩᠭᠤᠯᠴᠤᠳ ᠤᠨ ᠰᠡᠢᠯᠦᠮᠡᠯ ᠪᠠᠷ ᠤᠨ ᠳᠠᠷᠤᠮᠠᠯᠯᠠᠬᠤ ᠮᠡᠷᠭᠡᠵᠢᠯ ᠲᠠᠮᠠᠭ᠎ᠠ ᠳᠠᠷᠤᠳᠠᠰᠤ ᠪᠠ ᠬᠦᠰᠢᠶᠡᠨ ᠪᠠᠭᠤᠯᠠᠭᠠᠮᠠᠯ ᠤᠨ ᠮᠡᠷᠭᠡᠵᠢᠯ ᠡᠴᠡ ᠢᠷᠡᠯᠲᠡᠲᠡᠢ᠃ ᠰᠡᠢᠯᠦᠮᠡᠯ ᠪᠠᠷ ᠤᠨ ᠳᠠᠷᠤᠮᠠᠯ ᠨᠢ ᠪᠠᠷ ᠬᠢᠬᠦ᠂ ᠳᠠᠷᠤᠮᠠᠯᠯᠠᠬᠤ᠂ ᠦᠳᠡᠭᠡᠷᠢᠯᠡᠬᠦ ᠵᠡᠷᠭᠡ ᠠᠯᠬᠤᠮ ᠢᠶᠠᠷ ᠶᠠᠪᠤᠭᠳᠠᠳᠠᠭ᠃ ᠠᠩᠬ᠎ᠠ ᠡᠬᠢᠯᠡᠩᠭᠦᠳᠡ ᠪᠡᠨ ᠵᠦᠪᠬᠡᠨ ᠭᠠᠭᠴᠠ ᠦᠩᠭᠡ ᠶᠢᠨ ᠳᠠᠷᠤᠮᠠᠯ ᠪᠠᠢᠭᠰᠠᠨ ᠢᠶᠠᠨ ᠬᠤᠵᠢᠮ ᠨᠢ ᠬᠠᠷᠠᠭᠠᠨ ᠰᠡᠷᠡᠯ ᠦᠨ ᠰᠡᠳᠡᠯᠲᠡ ᠶᠢ ᠨᠡᠮᠡᠭᠳᠡᠭᠦᠯᠬᠦ ᠶᠢᠨ ᠲᠦᠯᠦᠭᠡ ᠠᠳᠠᠯᠢ ᠪᠤᠰᠤ ᠶᠢᠨ ᠦᠩᠭᠡ ᠪᠤᠳᠤᠭ ᠢᠶᠠᠷ ᠳᠠᠷᠤᠮᠠᠯᠯᠠᠵᠤ ᠡᠬᠢᠯᠡᠭᠰᠡᠨ ᠦᠶ᠎ᠡ ᠳᠦ ᠣᠯᠠᠨ ᠦᠩᠭᠡ ᠶᠢᠨ ᠪᠤᠳᠤᠭᠲᠤ ᠳᠠᠷᠤᠮᠠᠯ ᠪᠤᠢ ᠪᠤᠯᠪᠠ᠃ |