题名 |
ᠮᠣᠩᠭᠤᠯ ᠪᠢᠴᠢᠭ ᠦᠨ ᠬᠡᠯᠡᠨ ᠦ 《ᠰᠢᠦ ᠳ᠋ᠠ》 ᠶᠢᠨ ᠶᠠᠷᠢᠶᠠᠨ ᠤ ᠬᠡᠯᠡᠨ ᠳᠦ ᠠᠳᠠᠯᠢ ᠪᠤᠰᠤ ᠬᠠᠨᠳᠤᠯᠭ᠎ᠠ ᠤᠳᠬ᠎ᠠ ᠢᠯᠡᠳᠭᠡᠬᠦ ᠬᠡᠯᠪᠡᠷᠢ |
作者 |
ᠴᠢ ᠪᠠᠢ ᠯᠢᠩ |
关键词 |
ᠬᠠᠨᠳᠤᠯᠭ᠎ᠠ ᠤᠳᠬ᠎ᠠ; ᠰᠢᠦ ᠳ᠋ᠠ; ᠬᠠᠷᠢᠯᠴᠠᠭᠠᠨ ᠤ ᠠᠵᠢᠯᠯᠠᠭ᠎ᠠ |
摘要 |
ᠬᠠᠨᠳᠤᠯᠭ᠎ᠠ ᠤᠳᠬ᠎ᠠ ᠭᠡᠵᠦ ᠦᠭᠦᠯᠡᠭᠴᠢ ᠶᠢᠨ ᠦᠭᠦᠯᠡᠬᠦ ᠰᠡᠳᠦᠪ ᠦᠨ ᠠᠭᠤᠯᠭ᠎ᠠ ᠳᠤ ᠪᠠᠨ ᠬᠠᠨᠳᠤᠬᠤ ᠦᠵᠡᠯᠲᠡ᠂ ᠲᠠᠨᠢᠲᠯᠠ᠂ ᠣᠪᠤᠷ᠂ ᠰᠡᠳᠬᠢᠯᠭᠡ ᠬᠢᠭᠡᠳ ᠬᠡᠷᠡᠭ ᠤᠴᠢᠷ ᠤᠨ ᠡᠭᠦᠰᠦᠯ ᠬᠦᠭᠵᠢᠯ ᠦᠨ ᠪᠤᠯᠤᠯᠴᠠᠭᠠᠲᠤ ᠰᠢᠨᠵᠢ ᠶᠢᠨ ᠲᠤᠬᠠᠢ ᠲᠠᠭᠠᠮᠠᠭᠯᠠᠯ᠂ ᠲᠦᠰᠦᠭᠡᠯᠡᠯ ᠪᠤᠯᠤᠨ᠎ᠠ᠃ ᠮᠣᠩᠭᠤᠯ ᠬᠡᠯᠡᠨ ᠳᠦ ᠬᠠᠨᠳᠤᠯᠭ᠎ᠠ ᠤᠳᠬ᠎ᠠ ᠶᠢ ᠬᠠᠨᠳᠤᠯᠭ᠎ᠠ ᠦᠭᠡ ᠪᠡᠷ ᠢᠯᠡᠳᠭᠡᠬᠦ ᠡᠴᠡ ᠭᠠᠳᠠᠨ᠎ᠠ ᠪᠠᠰᠠ 《ᠰᠢᠦ ᠳ᠋ᠠ》 ᠭᠡᠬᠦ ᠮᠡᠲᠦ ᠶᠢᠨ ᠵᠠᠷᠢᠮ ᠰᠤᠯᠠ ᠦᠭᠡ ᠪᠡᠷ ᠴᠦ ᠢᠯᠡᠳᠭᠡᠳᠡᠭ᠃ ᠲᠤᠰ ᠦᠭᠦᠯᠡᠯ ᠳᠦ ᠬᠠᠨᠳᠤᠯᠭ᠎ᠠ ᠤᠳᠬ᠎ᠠ ᠶᠢᠨ ᠰᠤᠳᠤᠯᠭᠠᠨ ᠤ ᠲᠤᠬᠠᠢ ᠳᠦᠭᠦᠮ ᠦᠭᠦᠯᠡᠵᠦ᠂ ᠭᠤᠤᠯᠳᠠᠭᠤ ᠮᠣᠩᠭᠤᠯ ᠪᠢᠴᠢᠭ ᠦᠨ ᠬᠡᠯᠡᠨ ᠦ 《ᠰᠢᠦ ᠳ᠋ᠠ》 ᠭᠡᠬᠦ ᠰᠤᠯᠠ ᠦᠭᠡ ᠨᠢ ᠶᠠᠷᠢᠶᠠᠨ ᠳᠤ ᠠᠳᠠᠯᠢ ᠪᠤᠰᠤ ᠪᠠᠷ ᠬᠡᠯᠡᠭᠳᠡᠬᠦ ᠦᠶ᠎ᠡ ᠳᠦ ᠠᠳᠠᠯᠢ ᠪᠤᠰᠤ ᠶᠢᠨ ᠬᠠᠨᠳᠤᠯᠭ᠎ᠠ ᠤᠳᠬ᠎ᠠ ᠶᠢ ᠢᠯᠡᠳᠭᠡᠬᠦ ᠪᠦᠭᠡᠳ ᠲᠡᠷᠡ ᠨᠢ ᠦᠭᠦᠯᠡᠭᠴᠢ ᠶᠢᠨ ᠦᠭᠦᠯᠡᠬᠦ ᠬᠦᠭ ᠠᠶᠠᠰ ᠲᠠᠢ ᠬᠠᠮᠲᠤ ᠬᠠᠨᠳᠤᠯᠭ᠎ᠠ ᠤᠳᠬ᠎ᠠ ᠶᠢ ᠢᠯᠡᠳᠭᠡᠵᠦ᠂ ᠦᠭᠦᠯᠡᠭᠴᠢ ᠬᠢᠭᠡᠳ ᠰᠤᠨᠤᠰᠤᠭᠴᠢ ᠶᠢᠨ ᠬᠤᠭᠤᠷᠤᠨᠳᠤᠬᠢ ᠬᠠᠷᠢᠯᠴᠠᠭᠠᠨ ᠤ ᠠᠵᠢᠯᠯᠠᠭ᠎ᠠ ᠶᠢ ᠭᠦᠢᠴᠡᠳᠭᠡᠬᠦ ᠲᠤᠬᠠᠢ ᠦᠭᠦᠯᠡᠪᠡ᠃ |
原文 |
没有原文
|
出自 |
内蒙古民族大学学报(社会科学)
2015年
第3期
|