题名 |
ᠮᠤᠩᠭ᠋ᠤᠯ ᠡᠮ ᠡᠮᠨᠡᠯᠭᠡ ᠶᠢᠨ ᠰᠤᠶᠤᠯ ᠤᠨ ᠪᠦᠳᠦᠴᠡ ᠪᠠ ᠲᠡᠭᠦᠨ ᠤ ᠠᠭᠤᠯᠤᠭᠳᠠᠬᠤᠨ ᠤ ᠲᠤᠬᠠᠢ ᠦᠭᠦᠯᠡᠬᠦ ᠨᠢ |
作者 |
ᠪᠤᠤ ᠬᠠᠰᠤᠨ |
关键词 |
ᠮᠤᠩᠭ᠋ᠤᠯ ᠡᠮ ᠡᠮᠨᠡᠯᠭᠡ; ᠰᠤᠶᠤᠯ; ᠪᠦᠳᠦᠴᠡ; ᠠᠭᠤᠯᠤᠭᠳᠠᠬᠤᠨ |
摘要 |
ᠮᠤᠩᠭ᠋ᠤᠯ ᠡᠮ ᠡᠮᠨᠡᠯᠭᠡ ᠶᠢᠨ ᠰᠤᠶᠤᠯ ᠪᠤᠯ ᠨᠡᠭᠦᠳᠡᠯᠯᠡᠨ ᠮᠠᠯᠵᠢᠬᠤ ᠠᠮᠢᠳᠤᠷᠠᠯ ᠤᠨ ᠰᠠᠭᠤᠷᠢᠨ ᠲᠡᠭᠡᠷ᠎ᠡ ᠪᠦᠭᠡ ᠮᠦᠷᠭᠦᠯ ᠤᠨ ᠰᠤᠶᠤᠯ ᠶᠢᠡᠷ ᠭᠤᠤᠯ ᠪᠤᠯᠭᠠᠵᠤ᠂ ᠪᠤᠷᠬᠠᠨ ᠱᠠᠰᠢᠨ ᠤ ᠡᠮ ᠡᠮᠨᠡᠯᠭᠡ ᠪᠡᠷ ᠦᠨᠳᠦᠰᠦᠨ ᠰᠤᠷᠪᠤᠯᠵᠢ ᠪᠠᠨ ᠪᠤᠯᠭᠠᠭᠰᠠᠨ ᠤᠮᠠᠷᠠᠳᠤ ᠤᠷᠤᠨ ᠤ ᠦᠨᠳᠤᠷᠯᠢᠭ᠌ ᠤᠨ ᠰᠤᠶᠤᠯ ᠳᠤ ᠬᠠᠷᠢᠶᠠᠯᠠᠭᠳᠠᠨ᠎ᠠ᠃ ᠲᠡᠷᠡ ᠨᠢ ᠮᠤᠩᠭ᠋ᠤᠯ ᠦᠨᠳᠦᠰᠦᠳᠡᠨ ᠤ ᠤᠷᠳᠤ ᠬᠤᠭᠤᠴᠠᠭᠠᠨ ᠤ ᠲᠤᠷᠰᠢ ᠡᠪᠡᠳᠴᠢᠨ ᠡᠮᠭᠡᠭ᠌ ᠲᠠᠢ ᠲᠡᠮᠡᠴᠡᠬᠦ ᠦᠢᠯᠡᠳᠦᠯᠭᠡ ᠲᠤᠮᠳᠠ ᠪᠠᠨ ᠲᠠᠰᠤᠷᠠᠯᠳᠠ ᠦᠭᠡᠢ ᠳ᠋ᠦᠩᠨᠡᠭᠰᠡᠨ ᠡᠮᠴᠢᠯᠡᠭᠡᠨ ᠤ ᠲᠤᠷᠰᠢᠯᠭ᠎ᠠ ᠬᠤᠷᠠᠮᠳᠤᠯᠭ᠎ᠠ ᠪᠤᠯᠬᠤ ᠪᠦᠭᠡᠳ ᠮᠦᠨ ᠴᠤ ᠲᠡᠯᠡᠬᠡᠢ ᠶᠢᠨ ᠡᠯ᠎ᠡ ᠪᠤᠯᠪᠠᠰᠤᠨ ᠦᠨᠳᠦᠰᠦᠳᠡᠨ ᠲᠠᠢ ᠲᠠᠰᠤᠷᠠᠯᠳᠠ ᠦᠭᠡᠢ ᠰᠤᠶᠤᠯ ᠤᠨ ᠰᠤᠯᠢᠯᠴᠠᠭ᠎ᠠ ᠬᠢᠵᠦ᠂ ᠲᠡᠳᠡᠨ ᠤ ᠲᠡᠷᠢᠭᠦᠨ ᠤ ᠰᠢᠨᠵᠢᠯᠡᠬᠦ ᠤᠬᠠᠭᠠᠨ ᠮᠡᠷᠭᠡᠵᠢᠯ ᠢ ᠨᠢ ᠰᠤᠷᠤᠯᠴᠠᠭᠰᠠᠨ ᠤ ᠦᠷ᠎ᠡ ᠳ᠋ᠦᠩ ᠪᠤᠯᠤᠨ᠎ᠠ᠃ ᠵᠤᠬᠢᠶᠠᠭᠴᠢ ᠪᠡᠷ᠂ ᠮᠤᠩᠭ᠋ᠤᠯ ᠡᠮ ᠡᠮᠨᠡᠯᠭᠡ ᠶᠢᠨ ᠰᠤᠶᠤᠯ ᠤᠨ ᠪᠦᠳᠦᠴᠡ ᠶᠢ ᠪᠤᠳᠠᠰ ᠤᠨ ᠰᠤᠶᠤᠯ᠂ ᠦᠢᠯᠡ ᠠᠵᠢᠯᠯᠠᠭᠠᠨ ᠤ ᠰᠤᠶᠤᠯ᠂ ᠤᠶᠤᠨ ᠤ ᠰᠤᠶᠤᠯ ᠪᠠ ᠰᠤᠶᠤᠯ ᠤᠨ ᠵᠦᠭᠡᠯᠡᠨ ᠪᠤᠳᠠᠳᠤ ᠬᠦᠴᠦᠨ ᠵᠡᠷᠭᠡ 4 ᠵᠦᠢᠯ ᠳᠤ ᠬᠤᠪᠢᠶᠠᠨ ᠨᠠᠷᠢᠨ ᠰᠢᠨᠵᠢᠯᠡᠵᠦ᠂ ᠮᠤᠩᠭ᠋ᠤᠯ ᠡᠮ ᠡᠮᠨᠡᠯᠭᠡ ᠶᠢᠨ ᠰᠤᠶᠤᠯ ᠨᠢ ᠬᠠᠮᠤᠭ ᠤᠨ ᠨᠠᠭᠠᠳᠤ ᠵᠠᠬ᠎ᠠ ᠳᠤ ᠪᠠᠨ ᠪᠦᠭᠡ ᠶᠢᠨ ᠱᠠᠰᠢᠨ ᠤ ᠰᠤᠶᠤᠯ᠂ ᠪᠤᠷᠬᠠᠨ ᠱᠠᠰᠢᠨ ᠤ ᠰᠤᠶᠤᠯ᠂ ᠲᠤᠮᠳᠠᠳᠤ ᠤᠷᠤᠨ ᠤ ᠰᠤᠶᠤᠯ᠂ ᠦᠷᠦᠨᠡᠳᠡᠬᠢᠨ ᠤ ᠡᠯ᠎ᠡ ᠦᠨᠳᠦᠰᠦᠳᠡᠨ ᠤ ᠰᠤᠶᠤᠯ ᠵᠡᠷᠭᠡ 4 ᠲᠠᠯ᠎ᠠ ᠶᠢᠨ ᠰᠤᠶᠤᠯ ᠤᠨ ᠠᠭᠤᠯᠤᠭᠳᠠᠬᠤᠨ ᠲᠠᠢ ᠭᠡᠬᠦ ᠦᠵᠡᠯᠳᠡ ᠪᠠᠨ ᠲᠤᠷᠠᠳᠬᠤ ᠶᠢᠨ ᠬᠠᠮᠳᠤ ᠰᠤᠶᠤᠯ ᠤᠨ ᠤᠬᠠᠭᠠᠨ ᠤ ᠲᠠᠯ᠎ᠠ ᠡᠴᠡ ᠦᠵᠡᠪᠡᠯ᠂ ᠮᠤᠩᠭ᠋ᠤᠯ ᠡᠮ ᠡᠮᠨᠡᠯᠭᠡ ᠶᠢᠨ ᠰᠤᠶᠤᠯ ᠨᠢ ᠦᠷᠭᠡᠨ ᠪᠠᠭᠳᠠᠭᠠᠮᠵᠢᠳᠠᠢ ᠪᠠᠢ᠌ᠵᠤ᠂ ᠲᠡᠭᠦᠨᠳ ᠤ ᠡᠶ᠎ᠡ ᠵᠤᠬᠢᠴᠠᠩᠭ᠋ᠤᠢ ᠰᠤᠶᠤᠯ ᠤᠨ ᠦᠷᠳᠡᠭ ᠠᠭᠤᠯᠤᠭᠳᠠᠵᠤ ᠪᠤᠢ ᠬᠦᠭᠡᠳ ᠲᠡᠷᠡ ᠨᠢ ᠦᠪᠡᠷ ᠤᠨ ᠤᠨᠴᠠᠯᠢᠭ ᠲᠤ ᠪᠠᠨ ᠲᠤᠬᠢᠷᠠᠭᠤᠯᠤᠨ ᠬᠠᠷᠢ ᠰᠤᠶᠤᠯ ᠤᠨ ᠤᠬᠢ ᠰᠢᠮ᠎ᠡ ᠶᠢ ᠶᠡᠬᠡ ᠬᠡᠮᠵᠢᠶ᠎ᠡ ᠪᠡᠷ ᠵᠢᠭᠡᠯᠡᠵᠦ᠂ ᠵᠠᠰᠮᠵᠢᠯᠠᠨ ᠦᠭᠡᠷᠡᠴᠢᠯᠡᠵᠦ᠂ ᠠᠮᠢᠳᠤᠯᠢᠭ ᠶᠢᠡᠷ ᠰᠢᠩᠭᠡᠭᠡᠨ ᠠᠪᠤᠭᠠᠳ ᠦᠪᠡᠷ ᠤᠨ ᠰᠤᠶᠤᠯ ᠤᠨ ᠬᠤᠷᠠᠮᠳᠤᠭᠤᠯᠭ᠎ᠠ ᠪᠠᠨ ᠪᠡᠶᠡᠯᠡᠭᠦᠯᠵᠡᠢ ᠭᠡᠵᠦ ᠦᠵᠡᠵᠡᠢ᠃ |
原文 |
查看原文
|
出自 |
内蒙古民族大学学报(蒙医药学)
2014年
第1期
|