题名 |
ᠣᠷᠴᠢᠨ ᠦᠶ᠎ᠡ ᠶᠢᠨ ᠠᠪᠢᠶᠠᠰᠤ ᠵᠤᠬᠢᠶᠠᠯᠴᠢ ᠴᠤᠭᠵᠢᠯᠠᠩ |
作者 |
ᠦ · ᠱᠤᠭ᠋ᠠᠷᠠ |
关键词 |
ᠴᠤᠭᠵᠢᠯᠠᠩ ᠤᠨ ᠤᠷᠠᠨ ᠪᠦᠲᠦᠭᠡᠯ; ᠦᠵᠡᠯ ᠤᠬᠠᠮᠰᠠᠷ; ᠤᠷᠠᠯᠢᠭ ᠤᠨ ᠳᠦᠷᠢ; ᠤᠷ᠎ᠠ ᠮᠡᠷᠭᠡᠰᠢᠯ |
摘要 |
ᠴᠤᠭᠵᠢᠯᠠᠩ ᠤᠨ ᠠᠮᠢᠳᠤᠷᠠᠯ ᠦᠢᠯᠡ᠂ ᠦᠵᠡᠯ ᠵᠤᠷᠢᠯᠲᠠ ᠶᠢ ᠲᠤᠪᠴᠢ ᠲᠠᠨ᠋ᠢᠯᠴᠠᠭ᠋ᠤᠯᠵᠤ᠂ ᠲᠡᠭᠦᠨ ᠦ ᠭᠠᠯ ᠵᠠᠯᠠᠭ᠋ᠤ ᠨᠠᠰᠤᠨ ᠳᠠᠭ᠋ᠠᠨ ᠪᠢᠴᠢᠭᠰᠡᠨ ᠤᠷᠠᠨ ᠪᠦᠲᠦᠭᠡᠯ ᠦᠳ ᠢ ᠰᠢᠨᠵᠢᠯᠡᠨ ᠦᠭᠦᠯᠡᠪᠡ᠃ ᠳᠠᠯᠠᠢ ᠶᠢᠨ ᠰᠢᠯᠦᠭ ᠲᠦ 《ᠲᠦᠷ ᠴᠠᠭ ᠢ ᠮᠦᠩᠬᠡᠷᠡᠲᠦᠭᠡᠢ ᠬᠡᠮᠡᠨ ᠪᠢ ᠳᠠᠭ᠋ᠤᠯᠠᠶᠠ》 ᠭᠡᠵᠦ ᠶᠤᠰᠤ ᠨᠠᠪᠴᠢᠵᠤ ᠰᠡᠳᠬᠢᠯᠭᠡ ᠴᠠᠯᠭᠢᠯᠠᠭᠰᠠᠨ ᠰᠢᠯᠦᠭ ᠦᠳ ᠢ ᠲᠤᠭ᠋ᠤᠷᠪᠢᠵᠠᠢ᠃ 《ᠦᠬᠦᠯ》 ᠦᠭᠦᠯᠡᠯᠭᠡ ᠳᠦ ᠦᠨᠳᠦᠰᠦᠲᠡᠨ ᠦ ᠪᠡᠨ ᠲᠦᠯᠦᠭᠡ ᠵᠢᠳᠭᠦᠬᠦ ᠪᠤᠯ ᠦᠪᠡᠳᠡᠭᠰᠢ ᠶᠠᠪᠤᠳᠠᠯ ᠭᠡᠳᠡᠭ ᠢ ᠤᠬᠠᠮᠰᠠᠷᠠᠭᠰᠠᠨ ᠤᠷᠠᠯᠢᠭ ᠤᠨ ᠳᠦᠷᠢ ᠶᠢ ᠪᠦᠲᠦᠭᠡᠵᠦ᠂ ᠮᠣᠩᠭᠤᠯ ᠤᠷᠠᠨ ᠵᠤᠬᠢᠶᠠᠯ ᠳᠠᠭ᠋ᠠᠨ ᠰᠢᠨ᠎ᠡ ᠬᠠᠭ᠋ᠤᠳᠠᠰᠤ ᠨᠠᠮᠠᠷᠢᠯᠠᠪᠠ᠃ 《ᠵᠡᠭᠦᠳᠦ》 ᠦᠭᠦᠯᠡᠯᠭᠡ ᠳᠦ ᠦᠨ᠋ᠡᠨ ᠪᠡ ᠬᠤᠳᠠᠯ᠂ ᠪᠤᠳᠠᠲᠤ ᠠᠬᠤᠢ ᠪᠠ ᠬᠦᠰᠡᠯ᠂ ᠤᠶᠤᠨᠴᠢ ᠰᠢᠨᠵᠢ ᠪᠡ ᠵᠡᠭᠦᠳᠦ ᠵᠡᠷᠭᠡᠯᠭᠡᠨ ᠤᠶᠠᠯᠳᠤᠨ᠂ ᠵᠡᠭᠦᠳᠦ ᠪᠡᠷ ᠵᠡᠪᠰᠡᠭ ᠪᠤᠯᠭ᠋ᠠᠵᠤ ᠲᠤᠬᠠᠢ ᠶᠢᠨ ᠨᠡᠢᠭᠡᠮ ᠳᠦ ᠬᠠᠨᠳᠤᠬᠤ ᠶᠢᠨ ᠬᠠᠮᠲᠤ ᠵᠡᠭᠦᠳᠦ ᠪᠡᠷ ᠪᠠᠮᠪᠠᠢ ᠪᠤᠯᠭ᠋ᠠᠵᠤ ᠪᠡᠶ᠎ᠡ ᠪᠡᠨ ᠬᠠᠮᠠᠭ᠋ᠠᠯᠠᠪᠠ ᠭᠡᠵᠦ ᠪᠤᠯᠬᠤ ᠶᠤᠮ᠃ ᠲᠡᠷᠡ ᠪᠡᠷ ᠠᠬᠤᠢ ᠠᠮᠢᠳᠤᠷᠠᠯ ᠢᠶᠠᠨ ᠴᠠᠭ ᠡᠷᠢᠨ ᠦ ᠬᠠᠷᠠᠭ᠋ᠠᠰᠤ ᠠᠴᠠ ᠳᠤᠰᠬᠠᠵᠤ᠂ ᠦᠨᠳᠦᠰᠦᠲᠡᠨ ᠠᠷᠠᠳ ᠣᠯᠠᠨ ᠲᠠᠢ ᠪᠠᠨ ᠬᠤᠯᠪᠤᠭᠰᠠᠨ ᠪᠠ ᠤᠷᠠᠯᠢᠭ ᠤᠨ ᠰᠡᠳᠬᠢᠮᠵᠢ᠂ ᠤᠷ᠎ᠠ ᠮᠡᠷᠭᠡᠰᠢᠯ ᠦᠨ ᠲᠠᠯ᠎ᠠ ᠪᠠᠷ ᠬᠠᠷᠢ ᠤᠷᠠᠯᠢᠭ ᠠᠴᠠ ᠨᠦᠯᠦᠭᠡ ᠬᠦᠷᠲᠡᠨ᠂ ᠰᠢᠨ᠎ᠡ ᠶᠢ ᠪᠦᠲᠦᠭᠡᠵᠦ᠂ ᠮᠣᠩᠭᠤᠯ ᠤᠷᠠᠨ ᠵᠤᠬᠢᠶᠠᠯ ᠢᠶᠠᠨ ᠣᠳᠣᠬᠢᠴᠢᠯᠠᠬᠤ ᠳᠤ ᠵᠢᠳᠭᠦᠯ ᠦᠵᠡᠭᠦᠯᠦᠭᠰᠡᠨ ᠪᠢᠯᠡ᠃ |
原文 |
没有原文
|
出自 |
内蒙古民族大学学报(社会科学)
2001年
第4期
|