题名 |
ᠤᠤᠯ ᠤᠨ ᠰᠢᠯᠢ ᠵᠢᠨ ᠭᠣᠣᠯ ᠠᠢᠮᠠᠭ ᠤᠨ ᠪᠠᠷᠠᠭᠤᠨ ᠬᠠᠭᠤᠴᠢᠳ ᠬᠤᠰᠢᠭᠤᠨ ᠤ ᠭᠠᠯ ᠲᠠᠬᠢᠬᠤ ᠶᠣᠰᠤᠨ |
作者 |
ᠡᠷᠬᠢᠮᠴᠣᠭᠲᠤ |
关键词 |
ᠪᠠᠷᠠᠭᠤᠨ ᠬᠠᠭᠤᠴᠢᠳ; ᠭᠠᠯ ᠲᠠᠬᠢᠯᠭ᠋ ᠠ; ᠭᠠᠯ ᠤᠨ ᠴᠡᠭᠡᠷ |
摘要 |
ᠭᠠᠯ ᠲᠠᠬᠢᠬᠤ ᠪᠣᠯ ᠮᠣᠩᠭ᠋ᠤᠯᠴᠤᠳ ᠤᠨ ᠤᠯᠠᠮᠵᠢᠯᠠᠯᠲᠤ ᠵᠠᠩ ᠵᠠᠩᠰᠢᠯ ᠤᠨ ᠨᠢᠭᠡ ᠵᠦᠢᠯ ᠪᠣᠯᠤᠨ᠌ ᠠ᠃ ᠮᠣᠩᠭ᠋ᠤᠯᠴᠤᠳ ᠵᠢᠯ ᠪᠦᠷᠢ ᠵᠢᠨ ᠬᠦᠬᠡᠬᠡ ᠰᠠᠷ ᠠ ᠵᠢᠨ ᠬᠣᠷᠢᠨ ᠭᠤᠷᠪᠠᠨ ᠤ ᠦᠶ ᠡ ᠪᠡᠷ ᠨᠢᠭᠡ ᠤᠳᠠᠭ᠋ ᠠ ᠶᠡᠬᠡᠪᠡᠷ ᠭᠠᠯ ᠲᠠᠬᠢᠳᠠᠭ ᠵᠠᠩᠰᠢᠯ ᠲᠠᠢ᠃ ᠤᠤᠯ ᠤᠨ ᠰᠢᠯᠢ ᠵᠢᠨ ᠭᠣᠣᠯ ᠠᠶᠢᠮᠠᠭ ᠤᠨ ᠪᠠᠷᠠᠭᠤᠨ ᠬᠠᠭᠤᠴᠢᠳ ᠬᠤᠰᠢᠭᠤᠨ ᠤ ᠮᠣᠩᠭ᠋ᠤᠯᠴᠤᠳ ᠴᠦ ᠨᠡᠶᠢᠲᠡ ᠮᠣᠩᠭ᠋ᠤᠯᠴᠤᠳ ᠲᠠᠢ ᠪᠡᠨ ᠠᠳᠠᠯᠢ ᠪᠡᠷ ᠭᠠᠯ ᠵᠢᠡᠨ ᠲᠠᠭᠡᠳᠦᠯᠡᠨ᠂ ᠭᠠᠯ ᠵᠢᠡᠨ ᠰᠢᠳᠦᠨ ᠪᠢᠰᠢᠷᠡᠵᠦ᠂ ᠭᠠᠯ ᠲᠠᠬᠢᠯᠭ᠋ ᠠ ᠵᠢᠨ ᠵᠠᠩ ᠦᠢᠯᠡ ᠪᠡᠨ ᠣᠳᠣ ᠪᠣᠯᠲᠠᠯ ᠠ ᠤᠯᠠᠮᠵᠢᠯᠠᠵᠤ ᠢᠷᠡᠭᠰᠡᠨ ᠮᠦᠷᠲᠡᠭᠡᠨ ᠲᠡᠦᠬᠡ ᠵᠢᠨ ᠣᠨ ᠤᠳᠠᠭᠠᠨ ᠤ ᠶᠠᠪᠤᠴᠠ ᠳᠤ ᠣᠷᠤᠨ ᠨᠤᠲᠤᠭ ᠤᠨ ᠵᠢᠡᠨ ᠣᠨᠴᠠᠯᠢᠭ ᠰᠢᠨᠵᠢ ᠵᠢ ᠬᠠᠳᠠᠭᠠᠯᠠᠭᠰᠠᠨ ᠦᠪᠡᠷᠮᠢᠴᠡ ᠣᠨᠴᠠᠯᠢᠭ ᠲᠠᠢ ᠪᠣᠯᠵᠠᠢ᠃ ᠬᠠᠭᠤᠴᠢᠳ ᠬᠤᠰᠢᠭᠤᠨ ᠤ ᠮᠣᠩᠭ᠋ᠤᠯᠴᠤᠳ ᠨᠢ ᠭᠠᠯ ᠲᠠᠬᠢᠬᠤ ᠳᠠᠭᠠᠨ ᠭᠣᠣᠯᠳᠠᠭᠤ ᠨᠤᠶᠠᠳ ᠲᠠᠶᠢᠵᠢ ᠠᠶᠢᠯ ᠪᠣᠯ ᠬᠦᠭᠡᠬᠡ ᠰᠠᠷ ᠠ ᠵᠢᠨ ᠬᠣᠷᠢᠨ ᠭᠤᠷᠪᠠᠨ ᠳᠤ᠂ ᠬᠠᠷᠠᠴᠦ ᠠᠷᠠᠳ ᠤᠳ ᠪᠣᠯ ᠬᠦᠭᠡᠭᠡ ᠰᠠᠷ ᠠ ᠵᠢᠨ ᠬᠣᠷᠢᠨ ᠳᠦᠷᠪᠡᠨ ᠳᠤ ᠲᠠᠬᠢᠳᠠᠭ ᠵᠠᠩᠰᠢᠯ ᠲᠠᠢ᠃ ᠡᠨᠡ ᠨᠢ ᠠᠷᠤ ᠬᠤᠷᠴᠢᠨ ᠵᠡᠷᠭᠡ ᠭᠠᠵᠠᠷ ᠣᠷᠤᠨ ᠤ《ᠲᠠᠶᠢᠵᠢ ᠵᠢᠨ ᠲᠠᠬᠢᠯᠭ᠋ ᠠ ᠬᠣᠷᠢᠨ ᠳᠦᠷᠪᠡᠨ ᠳᠤ᠂ ᠬᠠᠷᠠᠴᠦ ᠵᠢᠨ ᠲᠠᠬᠢᠯᠭ᠋ ᠠ ᠬᠣᠷᠢᠨ ᠭᠤᠷᠪᠠᠨ》ᠭᠡᠰᠡᠨ ᠲᠠᠢ ᠶᠠᠬ ᠡᠰᠡᠷᠬᠦ ᠪᠠᠶᠢᠬᠤ ᠣᠨᠴᠠᠯᠢᠭ ᠲᠠᠢ᠃ |
原文 |
查看原文
|
出自 |
内蒙古民族大学学报(社会科学)
2007年
第4期
|