摘要 |
ᠲᠤᠰ ᠦᠭᠦᠯᠡᠯ ᠳᠦ ᠂ ᠮᠣᠩ᠋ᠭᠤᠯ ᠲᠤᠤᠯᠢ ᠳᠠᠬᠢ ᠲᠡᠭᠡᠭᠦᠷ ᠨᠢ ᠠᠯᠬᠤᠵᠤ ᠰᠡᠭᠡᠯᠭᠡᠬᠦ ᠦᠭᠦᠯᠡᠮᠵᠢ ᠶᠢ ᠰᠢᠭᠠᠭᠳᠠᠭᠰᠠᠨ ᠰᠤᠮᠤ ᠰᠤᠭᠤᠷᠠᠭᠤᠯᠬᠤ ᠦᠭᠦᠯᠡᠮᠵᠢ ᠲᠡᠢ ᠬᠠᠷᠢᠴᠠᠭᠤᠯᠤᠨ᠂ ᠲᠡᠭᠡᠭᠦᠷ ᠨᠢ ᠠᠯᠬᠤᠵᠤ ᠰᠤᠮᠤ ᠰᠤᠭᠤᠷᠠᠭᠤᠯᠬᠤ ᠦᠢᠯᠡ ᠶᠢ ᠪᠡᠶ᠎ᠡ ᠪᠡᠨ ᠳᠠᠭᠠᠭᠠᠭᠰᠠᠨ ᠦᠪᠡᠷᠮᠢᠴᠡ ᠬᠡᠪ ᠲᠡᠢ ᠣᠢ᠌ᠯᠠᠭᠠᠯᠲᠠ ᠪᠠᠷ ᠦᠵᠡᠭᠡᠳ ᠪᠤᠰᠤᠳ ᠬᠠᠮᠢᠶᠠᠳᠠᠬᠤ ᠵᠤᠢ᠌ᠯ ᠳᠤ ᠬᠤᠯᠪᠤᠭᠳᠠᠭᠤᠯᠤᠨ ᠨᠤᠮᠤ ᠰᠤᠮᠤ ᠶᠢᠨ ᠲᠤᠬᠠᠢ ᠰᠠᠨᠠᠭ᠎ᠠ ᠲᠠᠢ ᠪᠢᠰᠢ ᠡᠭᠦᠳᠦᠭᠰᠡᠨ ᠡᠷ᠎ᠡ ᠪᠡᠯᠭᠡ ᠶᠢᠨ ᠪᠡᠯᠭᠡᠳᠡᠯ ᠰᠢᠨᠵᠢ ᠶᠢ ᠲᠤᠳᠤᠷᠬᠠᠢ᠌ᠯᠠᠬᠤ ᠶᠢᠨ ᠳᠠᠭᠠᠤ ᠲᠤᠤᠯᠢ ᠶᠢᠨ ᠡᠭᠦᠰᠭᠡᠯ ᠱᠠᠲᠤᠨ ᠤ ᠲᠤᠮᠨᠠᠯ — ᠰᠢᠪᠰᠢᠯᠭᠡ ᠶᠢᠨ ᠦᠢᠯᠡ ᠰᠡᠳᠭᠢᠭᠦᠢ (ᠦᠢᠯᠡᠳᠦᠯᠲᠦ ᠰᠡᠳᠬᠢᠭᠦᠢ)᠋ ᠪᠡᠷ ᠨᠤᠮᠤ ᠰᠤᠮᠤ — ᠡᠷ᠎ᠡ ᠪᠡᠯᠭᠡ — ᠦᠷᠡᠵᠢᠯ ᠰᠢᠲᠯᠭᠡ ᠶᠢᠨ ᠬᠤᠯᠪᠤᠭᠳᠠᠬᠤ ᠬᠠᠷᠢᠴᠠᠭ᠎ᠠ ᠶᠢ ᠨᠤᠲᠠᠯᠠᠬᠤ ᠣᠷᠤᠯᠳᠤᠯᠭ᠎ᠠ ᠬᠢᠵᠦ᠂ ᠲᠤᠬᠠᠢ ᠶᠢᠨ ᠬᠦᠮᠦᠨ ᠲᠦᠷᠦᠯᠬᠢᠲᠡᠨ ᠦ ᠢᠳᠡᠰᠢ ᠣᠯᠵᠠᠯᠠᠬᠤ ᠬᠢᠭᠡᠳ ᠦᠷᠡᠵᠢᠯ ᠪᠤᠢ᠌ᠵᠢᠯ ᠤᠨ ᠬᠤᠭᠤᠷᠤᠨᠳᠤᠬᠢ ᠲᠤᠯᠭᠠᠮ᠎ᠠ ᠪᠦᠭᠡᠳ ᠳᠤᠲᠤᠭᠠᠳᠤ ᠬᠡᠯᠡᠬᠢᠶᠡᠨ ᠦ ᠲᠤᠭᠲᠠᠯᠴᠠᠭᠠᠲᠤ ᠰᠢᠨᠵᠢ ᠶᠢ ᠲᠦᠯᠦᠪᠴᠢᠯᠡᠬᠦ ᠵᠤᠷᠢᠭᠤᠯᠤᠯᠲᠠ ᠲᠠᠯᠪᠢᠵᠠᠢ᠃ |