摘要 |
ᠵᠠᠷᠤᠳᠴᠤᠳ ᠤᠨ ᠨᠤᠲᠤᠭ ᠨᠢ ᠲᠦᠩᠯᠢᠶᠤᠤ ᠬᠤᠲᠠ ᠶᠢᠨ ᠤᠮᠠᠷᠠᠲᠤ ᠬᠡᠰᠡᠭ ᠲᠦ ᠪᠠᠢᠷᠢᠯᠠᠵᠤ᠂ ᠬᠡᠯᠡ ᠰᠤᠶᠤᠯ᠂ ᠠᠮᠢᠳᠤᠷᠠᠯ ᠳᠠᠳᠬᠠᠯ ᠤᠨ ᠬᠤᠪᠢ ᠳᠤ ᠬᠤᠷᠴᠢᠨᠴᠤᠳ ᠤᠨ ᠳᠤᠲᠤᠷ᠎ᠠ (ᠵᠠᠰᠠᠭ ᠵᠠᠬᠢᠷᠭᠠᠨ ᠤ ᠬᠤᠪᠢᠶᠠᠷᠢ ᠶᠢᠨ ᠬᠤᠪᠢ ᠳᠤ ᠵᠠᠷᠤᠳᠴᠤᠳ ᠢ ᠬᠤᠷᠴᠢᠨ ᠳᠤ ᠪᠠᠭᠲᠠᠭᠠᠵᠤ ᠪᠠᠢᠳᠠᠭ) ᠬᠠᠷᠢᠴᠠᠩᠭᠤᠢ ᠪᠠᠷ ᠮᠣᠩᠭᠤᠯ ᠣᠨᠴᠠᠯᠢᠭ ᠢᠶᠠᠨ ᠳᠡᠢᠯᠦᠩᠭᠢ ᠬᠠᠳᠠᠭᠠᠯᠠᠵᠤ ᠪᠠᠢᠭ᠎ᠠ ᠪᠠᠷ ᠢᠶᠠᠨ ᠣᠨᠴᠠᠯᠢᠭᠳᠠᠵᠤ ᠪᠠᠢᠳᠠᠭ᠃ ᠦᠭᠦᠯᠡᠯ ᠳᠦ ᠵᠠᠷᠤᠳ ᠮᠣᠩᠭᠤᠯᠴᠤᠳ ᠤᠨ ᠳᠤᠲᠤᠷ᠎ᠠ᠂ ᠢᠯᠠᠩᠭᠤᠶ᠎ᠠ ᠵᠠᠷᠤᠳ ᠤᠨ ᠳᠡᠭᠡᠳᠦ ᠵᠠᠬ᠎ᠠ ᠪᠠᠷ ᠣᠷᠤᠰᠢᠵᠤ ᠪᠠᠢᠭ᠎ᠠ ᠪᠠᠶᠠᠷᠲᠤᠬᠤᠰᠢᠭᠤ᠂ ᠭᠡᠷᠴᠢᠯᠠᠭᠤ᠂ ᠠᠷᠤ ᠬᠦᠨᠳᠡᠯᠡᠨ ᠵᠡᠷᠭᠡ ᠨᠤᠲᠤᠭ ᠤᠨ ᠬᠢᠨ ᠦ ᠢᠳᠡᠭᠡᠨ ᠤᠮᠳᠠᠭᠠᠨ ᠤ ᠰᠤᠶᠤᠯ ᠳᠤ ᠦᠪᠡᠷᠮᠢᠴᠡ ᠣᠨᠴᠠᠯᠢᠭ ᠲᠠᠢ ᠪᠠᠷ ᠬᠠᠳᠠᠭᠠᠯᠠᠭᠳᠠᠵᠤ ᠢᠷᠡᠭᠰᠡᠨ 《ᠵᠠᠭ》 ᠭᠡᠬᠦ ᠢᠳᠡᠭᠡᠨ ᠦ ᠲᠤᠬᠠᠢ ᠲᠤᠳᠤᠷᠬᠠᠢᠯᠠᠨ ᠦᠭᠦᠯᠡᠵᠦ᠂ ᠬᠤᠲᠠᠴᠢᠯᠠᠭᠳᠠᠨ ᠲᠠᠶᠠᠭᠠᠷᠴᠢᠯᠠᠭᠳᠠᠵᠤ ᠪᠠᠢᠭ᠎ᠠ ᠡᠨᠡ ᠡᠷᠢᠨ ᠦ ᠮᠣᠩᠭᠤᠯ ᠢᠳᠡᠭᠡᠨ ᠤᠮᠳᠠᠭᠠᠨ ᠤ ᠲᠠᠸᠠᠷᠴᠢᠯᠠᠯᠲᠠ ᠶᠢᠨ ᠪᠠᠢᠳᠠᠯ ᠢ ᠪᠤᠳᠠᠲᠠᠢ ᠪᠠᠷ ᠵᠠᠳᠠᠯᠤᠨ ᠰᠢᠨᠵᠢᠯᠡᠭᠰᠡᠨ ᠪᠠᠢᠨ᠎ᠠ᠃ |