论文信息


题名 ᠶᠤᠸᠠᠨ ᠤᠯᠤᠰ ᠤᠨ ᠦᠶ᠎ᠡ ᠤᠢ᠌ᠭᠤᠷ ᠬᠡᠯᠡᠮᠦᠷᠴᠢᠳ ᠪᠡᠷ ᠪᠤᠷᠬᠠᠨ ᠱᠠᠰᠢᠨ ᠤ ᠨᠤᠮ ᠰᠤᠳᠤᠷ ᠤᠷᠴᠢᠭᠤᠯᠤᠭᠰᠠᠨ ᠪᠠ ᠬᠠᠪᠳᠠᠰᠤᠨ᠎ᠠ ᠴᠤᠬᠤᠯᠠᠬᠠᠬᠤᠯᠤᠭᠰᠠᠨ ᠲᠤᠬᠠᠢ
作者 ᠴᠤᠢ᠌ᠵᠢ
关键词 ᠶᠤᠸᠠᠨ ᠤᠯᠤᠰ; ᠤᠢ᠌ᠭᠤᠷ ᠬᠡᠯᠡᠮᠦᠷᠴᠢᠳ; ᠪᠤᠷᠬᠠᠨ ᠱᠠᠰᠢᠨ ᠤ ᠨᠤᠮ ᠰᠤᠳᠤᠷ; ᠤᠷᠴᠢᠭᠤᠯᠤᠭᠰᠠᠨ; ᠴᠤᠬᠤᠯᠠᠬᠠᠬᠤᠯᠤᠭᠰᠠᠨ
摘要 ᠲᠤᠰ ᠦᠭᠦᠯᠡᠯ ᠳᠤᠷ ᠪᠤᠷᠬᠠᠨ ᠱᠠᠰᠢᠨ ᠤ ᠨᠤᠮ ᠰᠤᠳᠤᠷ ᠢ ᠡᠯᠳᠡᠪ ᠠᠶᠠᠯᠭᠤᠰ ᠲᠤᠷ ᠤᠷᠴᠢᠭᠤᠯᠬᠤ ᠦᠢᠯᠡ ᠶᠤᠸᠠᠨ ᠤᠯᠤᠰ ᠡᠴᠡ ᠤᠷᠢᠳᠤ ᠶᠢᠨ ᠮᠡᠳᠦᠴᠢᠯᠡᠨ ᠡᠰᠡ ᠭᠠᠷᠪᠠᠢ ᠬᠡᠮᠡᠨ ᠦᠭᠦᠯᠡᠬᠦ᠃ ᠶᠤᠸᠠᠨ ᠤᠯᠤᠰ ᠤᠨ ᠦᠶ᠎ᠡ ᠳᠤᠷ ᠪᠤᠷᠬᠠᠨ ᠱᠠᠰᠢᠨ ᠤ ᠨᠤᠮ ᠰᠤᠳᠤᠷ ᠤᠷᠴᠢᠭᠤᠯᠬᠤ ᠪᠠ ᠬᠠᠪᠳᠠᠰᠤᠨ᠎ᠠ ᠴᠤᠬᠤᠯᠠᠬᠠᠬᠤᠯᠬᠤ ᠲᠡᠷᠢᠭᠦᠳᠡᠨ ᠤᠢ᠌ᠯᠠᠪᠤᠷᠢ ᠪᠤᠯᠪᠠᠰᠤ ᠪᠤᠷᠬᠠᠨ ᠤ ᠱᠠᠰᠢᠨ ᠢ ᠬᠠᠭᠠᠨ ᠲᠦᠷᠦ ᠶᠢᠨ ᠱᠠᠰᠢᠨ ᠪᠤᠯᠭᠠᠨ ᠢᠳᠡᠭᠡᠯ ᠶᠠᠪᠤᠭᠤᠯᠤᠭᠰᠠᠨ ᠤ ᠪᠤᠳᠠᠳᠤ ᠢᠯᠡᠷᠡᠯ ᠪᠤᠯᠬᠤ ᠶᠢᠨ ᠰᠡᠴᠡ ᠤᠳᠬ᠎ᠠ ᠰᠤᠶᠤᠯ ᠤᠨ ᠦᠢᠯᠡᠰ ᠲᠤ ᠦᠵᠡᠭᠦᠯᠦᠭᠰᠡᠨ ᠠᠰᠤᠷᠤ ᠴᠢᠬᠤᠯᠠ ᠨᠢᠭᠡᠨ ᠡᠭᠦᠳᠭᠡᠯ ᠪᠤᠯᠤᠮᠤᠢ᠃ ᠪᠤᠷᠬᠠᠨ ᠱᠠᠰᠢᠨ ᠤ ᠨᠤᠮ ᠰᠤᠳᠤᠷ ᠲᠡᠷᠢᠭᠦᠳᠡᠨ ᠢ ᠤᠷᠴᠢᠭᠤᠯᠬᠤ ᠦᠢᠯᠡᠰ ᠬᠡᠮᠡᠭᠴᠢ ᠢᠨᠤ ᠰᠤᠶᠤᠯ ᠤᠨ ᠬᠦᠭ᠍ᠵᠢᠯᠳᠡ ᠳᠤᠷ ᠬᠠᠷᠢᠨᠴᠤ ᠤᠭᠤᠭᠠᠳᠠ ᠴᠢᠬᠤᠯᠠ ᠶᠢᠨ ᠨᠢᠭᠡᠨ ᠪᠤᠶᠤ᠃ ᠪᠤᠷᠬᠠᠨ ᠱᠠᠰᠢᠨ ᠤ ᠨᠤᠮ ᠰᠤᠳᠤᠷ ᠲᠡᠭᠦᠨ ᠢ ᠶᠤᠸᠠᠨ ᠤᠯᠤᠰ  ᠲᠤᠷ ᠵᠠᠬᠢᠷᠤᠭᠳᠠᠭᠰᠠᠨ ᠤᠯᠠᠨ ᠤᠭᠰᠠᠭ᠎ᠠ ᠦᠨᠳᠦᠰᠦᠳᠡᠨ ᠪᠡᠷ ᠦᠪᠡᠷ ᠦᠪᠡᠷ ᠤᠨ ᠬᠡᠯᠡ ᠠᠶᠠᠯᠭᠤᠰ ᠲᠤᠷ ᠤᠷᠴᠢᠭᠤᠯᠵᠤ ᠲᠡᠯᠭᠡᠷᠡᠭᠦᠯᠬᠦ ᠢᠨᠦ ᠲᠡᠳᠡᠭᠡᠷ ᠤᠯᠠᠨ ᠤᠭᠰᠠᠭ᠎ᠠ ᠦᠨᠳᠦᠰᠦᠳᠡᠨ ᠤ ᠦᠰᠦᠭ ᠪᠢᠴᠢᠭ᠌ ᠲᠡᠭᠦᠨᠴᠢᠯᠡᠨ ᠬᠡᠯᠡ ᠠᠶᠠᠯᠭᠤᠰ ᠬᠤᠭᠤᠷ᠎ᠠ ᠵᠠᠭᠤᠷ᠎ᠠ ᠪᠠᠨ ᠨᠡᠪᠳᠡᠷᠡᠯᠴᠡᠭᠦᠢ ᠶᠢᠨ ᠰᠠᠢ᠌ᠨ ᠢᠯᠳᠠᠷ ᠪᠤᠯᠵᠤᠬᠤᠢ᠃ ᠦᠭᠦᠯᠡᠯ ᠳᠤᠷ ᠲᠦᠷᠹᠠᠨ᠂ ᠳ᠋ᠦ᠋ᠨ ᠬᠤᠸᠠᠩ ᠵᠡᠷᠭᠡ ᠤᠷᠤᠨ ᠨᠤᠭᠤᠳ ᠡᠴᠡ ᠤᠯᠳᠠᠭᠰᠠᠨ ᠤᠢ᠌ᠭᠤᠷ ᠦᠰᠦᠭ ᠤᠨ ᠪᠤᠷᠬᠠᠨ ᠱᠠᠰᠢᠨ ᠤ ᠰᠠᠢ᠌ᠨ ᠤᠭ ᠲᠤ ᠨᠤᠮ ᠰᠤᠳᠤᠷ ᠨᠤᠭᠤᠳ ᠤᠨ ᠤᠯᠳᠠᠪᠤᠷᠢ ᠲᠡᠷᠢᠭᠦᠳᠡᠨ ᠶᠢᠡᠷ ᠴᠢᠬᠤᠯᠠ ᠪᠠᠷᠢᠮᠳᠠ ᠪᠤᠯᠭᠠᠨ᠂ ᠡᠨᠡ ᠶᠤᠸᠠᠨ ᠤᠯᠤᠰ ᠤᠨ ᠦᠶ᠎ᠡ ᠳᠡᠬᠢ ᠠᠯᠢ ᠬᠠᠭᠠᠨ ᠤ ᠦᠶ᠎ᠡ ᠳᠤᠷ ᠶᠠᠮᠪᠠᠷ ᠮᠡᠳᠦ ᠪᠤᠯᠤᠭᠰᠠᠨ ᠤ ᠶᠡᠬᠡ ᠲᠦᠯᠦᠪ ᠢ ᠨᠢᠭᠡᠨ ᠵᠦᠭ ᠲᠤᠷ ᠬᠤᠷᠢᠶᠠᠩᠭ᠋ᠤᠢ᠌ᠯᠠᠨ ᠲᠤᠳᠤᠷᠠᠭᠤᠯᠵᠠᠢ᠃
原文 没有原文
出自 赤峰学院学报(蒙文哲学社会科学版) 2004年 第1期

联系我们


内蒙古大学图书馆
呼和浩特市大学西路235号
中国·内蒙古
P: (0471) 4992561
E: huangfeilong@imu.edu.cn