摘要 |
《ᠮᠣᠩᠭᠤᠯ ᠤᠨᠨᠢᠭᠤᠴᠠ ᠲᠤᠪᠴᠢᠶᠠᠨ》 ᠤ ᠵᠣᠬᠢᠶᠠᠭᠴᠢ ᠶᠢᠨ ᠲᠤᠬᠠᠢ ᠠᠰᠠᠭᠤᠳᠠᠯ ᠪᠣᠯ 《ᠮᠣᠩᠭᠤᠯ ᠤᠨ ᠨᠢᠭᠤᠴᠠ ᠲᠤᠪᠴᠢᠶᠠᠨ》 ᠤ ᠰᠣᠳᠤᠯᠤᠯᠭᠠᠨ ᠤ ᠴᠢᠬᠤᠯᠠ ᠨᠢᠭᠡᠨ ᠪᠣᠳᠤᠯᠢᠶᠠᠨᠲᠠᠢ ᠠᠰᠠᠭᠤᠳᠠᠯ ᠮᠦᠨ᠃ ᠦᠩᠭᠡᠷᠡᠭᠰᠡᠨ ᠳ᠋ᠤ ᠭᠠᠳᠠᠭᠠᠳᠤ ᠲᠤᠲᠤᠭᠠᠳᠤ ᠶᠢᠨ ᠡᠷᠳᠡᠮᠲᠡᠳ《ᠨᠢᠭᠤᠴᠠ ᠲᠤᠪᠴᠢᠶᠠᠨ》 ᠤ ᠵᠣᠬᠢᠶᠠᠭᠴᠢ ᠨᠢ ᠭᠡᠨ ᠪᠣᠯᠬᠤ ᠲᠣᠬᠠᠢ ᠠᠳᠠᠯᠢ ᠪᠤᠰᠤ ᠶᠢᠨ ᠦᠵᠡᠯᠲᠠ ᠪᠠᠨ ᠲᠤᠷᠠᠳᠤᠭᠰᠠᠭᠠᠷ ᠢᠷᠡᠵᠡᠢ᠃ ᠡᠭᠦᠨ ᠳ᠋ᠤ᠄ᠰᠢᠬᠢᠬᠤᠲᠤᠭ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠮᠦᠨ᠃ ᠪᠢᠴᠢᠵᠦ ᠵᠣᠬᠢᠶᠠᠬᠤ ᠳ᠋ᠠᠭᠠᠨ ᠴᠢᠳᠠᠮᠠᠭᠠᠢ ᠤᠢᠭᠤᠷ ᠬᠦᠮᠦᠨ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠪᠡᠯᠤᠨᠠ; ᠶᠸ ᠯᠢᠤᠢ ᠴᠦ ᠼᠠᠢ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠪᠠᠢᠬ ᠠ ᠭᠡᠵᠦ ᠦᠵᠡᠵᠦ ᠪᠤᠢ; ᠵᠢᠩᠬᠢᠨᠢ᠂ ᠬᠡᠷᠡᠢᠢᠳᠭᠡ᠂ ᠰᠡᠴᠡᠭᠦᠷ ᠨᠠᠷ ᠪᠣᠯ《ᠨᠢᠭᠤᠴᠠ ᠲᠤᠪᠴᠢᠶᠠᠨ》 ᠤ ᠵᠣᠬᠢᠶᠠᠭᠴᠢ ᠮᠦᠨ ᠭᠡᠵᠦ ᠦᠵᠡᠵᠦ ᠪᠤᠢ᠃ ᠡᠭᠦᠨ ᠡᠴᠡ ᠭᠠᠳᠠᠨ᠎ᠠ᠂ ᠪᠣᠰᠤᠳ ᠶᠠᠩᠵᠤ ᠪᠡᠷ ᠲᠠᠭᠠᠵᠤ ᠲᠠᠭᠠᠮᠠᠭᠯᠠᠵᠤ ᠪᠠᠢᠭ᠎ᠠ ᠡᠷᠲᠡᠮᠲᠡᠳ ᠴᠦ ᠪᠠᠢᠨ᠎ᠠ᠃ ᠲᠡᠭᠡᠷᠡᠬᠢ ᠡᠷᠲᠡᠮᠲᠡᠳ ᠤᠨ ᠦᠵᠡᠯᠲᠡ ᠳ᠋ᠤ ᠬᠤᠪᠢ ᠬᠦᠮᠦᠨ ᠰᠡᠵᠢᠭ ᠲᠠᠢ ᠲᠤᠯᠤ ᠦᠪᠡᠷ ᠤᠨ ᠦᠵᠡᠯᠲᠡ ᠪᠠᠨ ᠵᠣᠷᠢᠭᠲᠠᠢ ᠲᠤᠷᠠᠳᠬᠤ ᠬᠡᠷᠡᠭᠲᠡᠢ ᠪᠣᠯᠵᠠᠢ᠃ ᠮᠢᠨᠦ ᠦᠵᠡᠬᠦ ᠪᠡᠷ᠂ 《ᠨᠢᠭᠤᠴᠠ ᠲᠤᠪᠴᠢᠶᠠᠨ》 ᠤ ᠵᠣᠬᠢᠶᠠᠭᠴᠢ ᠪᠣᠯ ᠬᠠᠷᠢ ᠦᠨᠳᠦᠰᠦᠲᠡᠨ ᠤ ᠬᠦᠮᠦᠨ ᠪᠢᠰᠢ᠂ ᠮᠦᠨᠴᠦ ᠬᠠᠭᠠᠨ ᠤ ᠣᠷᠲᠤᠨ ᠤ ᠶᠡᠬᠡ ᠲᠦᠰᠦᠮᠡᠳ ᠪᠠ ᠰᠣᠳᠤᠷᠴᠢ ᠲᠦᠰᠢᠮᠡᠯ ᠴᠦ ᠪᠢᠰᠢ᠂ ᠬᠠᠷᠢᠨ ᠴᠢᠩᠬᠢᠰ ᠤᠨ ᠠᠯᠲᠠᠨ ᠤᠷᠤᠭᠲᠠᠨ ᠤ ᠪᠤᠷᠵᠢᠬᠢᠳ ᠤᠪᠤᠭᠲᠠᠨ ᠤ ᠬᠢᠨ ᠮᠦᠨ ᠪᠣᠯᠬᠤ ᠨᠢ ᠯᠠᠪᠲᠠᠢ ᠃ ᠲᠤᠰ ᠦᠭᠦᠯᠡᠯ ᠳ᠋ᠤ ᠲᠡᠦᠬᠡᠨ ᠤᠬᠠᠭᠠᠨ᠂ᠨᠡᠢᠭᠡᠮ ᠤᠨ ᠰᠡᠳᠬᠢᠴᠡ ᠵᠦᠢ ᠪᠤᠯᠤᠨ ᠠᠷᠠᠳ ᠤᠨ ᠵᠠᠩ ᠠᠭᠠᠯᠢ ᠶᠢᠨ ᠤᠬᠠᠭᠠᠨ ᠤ ᠡᠭᠦᠳᠡᠨ ᠡᠴᠡ ᠦᠪᠡᠷ ᠤᠨ ᠲᠤᠷᠠᠳᠤᠭᠰᠠᠨ ᠦᠵᠡᠯᠲᠡ ᠪᠠᠨ ᠨᠤᠲᠠᠯᠠᠬᠤ ᠪᠣᠯᠤᠨ᠎ᠠ᠃ |