摘要 |
ᠲᠤᠰ ᠦᠭᠦᠯᠡᠯ ᠳᠦ ᠠᠷᠠᠳ ᠤᠨ ᠳᠤᠮᠳᠠ ᠤᠷᠲᠤ ᠤᠳᠠᠭ᠋ᠠᠨ ᠤᠯᠠᠮᠵᠢᠯᠠᠭᠳᠠᠵᠤ ᠢᠷᠡᠭᠰᠡᠨ ᠪᠧᠡᠰᠡᠨ ᠦᠯᠢᠭᠡᠷ ᠢᠶᠡᠷ ᠰᠡᠳᠦᠪᠯᠡᠨ᠂ ᠮᠣᠩᠭᠤᠯ ᠣᠷᠤᠨ ᠳᠤ ᠲᠦᠭᠡᠮᠡᠯ ᠳᠡᠯᠭᠡᠷᠡᠭᠰᠡᠨ 《ᠬᠠᠷ᠎ᠠ ᠦᠭᠡᠷᠲᠦ ᠬᠦᠪᠡᠭᠦᠨ ᠦ ᠲᠤᠭ᠋ᠤᠵᠢ》 ᠪᠤᠯ ᠬᠢᠲᠠᠳ ᠦᠨᠳᠦᠰᠦᠲᠡᠨ ᠦ 《ᠺᠦᠩᠽᠢ ᠰᠢᠶᠠᠩ ᠲᠦᠸᠧ ᠶᠢᠨ ᠬᠡᠯᠡᠯᠴᠡᠭᠰᠡᠨ ᠦᠭᠡᠰ》 ᠭᠡᠬᠦ ᠠᠮᠠᠨ ᠵᠤᠬᠢᠶᠠᠯ ᠲᠠᠢ ᠨᠢᠭᠲᠠ ᠬᠠᠷᠢᠴᠠᠭ᠎ᠠ ᠲᠠᠢ ᠭᠡᠳᠡᠭ ᠢ ᠲᠤᠳᠤᠷᠬᠠᠢᠯᠠᠬᠤ ᠶᠢᠨ ᠬᠠᠮᠲᠤ ᠡᠨ᠋ᠡᠬᠦ ᠬᠤᠶᠠᠷ ᠵᠤᠬᠢᠶᠠᠯ ᠤᠨ ᠲᠤᠬᠠᠢ ᠳᠦᠭᠦᠮ ᠲᠠᠨ᠋ᠢᠯᠴᠠᠭ᠋ᠤᠯᠭᠠ ᠬᠢᠵᠦ᠂ ᠠᠭ᠋ᠤᠯᠭ᠎ᠠ᠂ ᠦᠵᠡᠯ ᠰᠠᠨ᠋ᠠᠭ᠎ᠠ᠂ ᠬᠡᠯᠪᠡᠷᠢ ᠪᠦᠲᠦᠴᠡ ᠶᠢᠨ ᠬᠠᠷᠢᠴᠠᠭ᠋ᠤᠯᠤᠯ ᠢᠶᠡᠷ ᠳᠠᠮᠵᠢᠨ᠂ 《ᠬᠠᠷ᠎ᠠ ᠦᠭᠡᠷᠲᠦ ᠬᠦᠪᠡᠭᠦᠨ ᠦ ᠲᠤᠭ᠋ᠤᠵᠢ》 ᠶᠢᠨ ᠰᠡᠳᠦᠪᠯᠡᠭᠦᠨ ᠦ ᠢᠷᠡᠯᠲᠡ ᠵᠢᠴᠢ ᠤᠭ ᠵᠤᠬᠢᠶᠠᠯ ᠬᠢᠭᠡᠳ ᠵᠤᠬᠢᠶᠠᠨ ᠨᠠᠢᠷᠠᠭ᠋ᠤᠯᠤᠭᠰᠠᠨ ᠪᠧᠡᠰᠡᠨ ᠦᠯᠢᠭᠡᠷ ᠦᠨ ᠠᠳᠠᠯᠢ ᠲᠠᠯ᠎ᠠ ᠪᠠ ᠠᠳᠠᠯᠢ ᠪᠤᠰᠤ ᠲᠠᠯ᠎ᠠ ᠶᠢ ᠬᠠᠷᠢᠴᠠᠭ᠋ᠤᠯᠤᠨ ᠰᠤᠳᠤᠯᠵᠠᠢ᠃ |