| 题名 |
ᠬᠦᠦᠷᠨᠢᠯ ᠵᠦᠢ ᠶᠢᠨ ᠡᠭᠦᠳᠡᠨ ᠡᠴᠡ《 ᠮᠣᠩᠭᠤᠯ ᠤᠨ ᠨᠢᠭᠤᠴᠠ ᠲᠤᠪᠴᠢᠶᠠᠨ》 ᠤ 1 ᠪᠦᠯᠦᠭ ᠲᠤ ᠬᠣᠯᠪᠤᠭᠳᠠᠬᠤ ᠠᠰᠠᠭᠤᠳᠠᠯ ᠤᠨ ᠲᠤᠬᠠᠢ ᠰᠢᠨᠵᠢᠯᠡᠬᠦ ᠨᠢ |
| 作者 |
ᠤᠢᠷᠢᠶᠠᠩᠬᠠᠵᠢᠨ ᠮᠦᠩᠭᠦᠨᠴᠡᠴᠡᠭ( ᠶᠢᠨ ᠬᠤᠸᠠ) |
| 关键词 |
《 ᠮᠣᠩᠭᠤᠯ ᠤᠨ ᠨᠢᠭᠤᠴᠠ ᠲᠣᠪᠴᠢᠶᠠᠨ》1 ᠪᠦᠯᠦᠭ︔ ᠬᠦᠦᠷᠨᠢᠯ︔ ᠲᠤᠪᠴᠢᠶᠠᠨ |
| 摘要 |
ᠬᠦᠦᠷᠨᠢᠯ ᠵᠦᠢ ᠶᠢᠨ ᠡᠭᠦᠳᠡᠨ ᠡᠴᠡ 《 ᠮᠣᠩᠭᠤᠯ ᠤᠨ ᠨᠢᠭᠤᠴᠠ ᠲᠣᠪᠴᠢᠶᠠᠨ》 ᠤ 1 ᠪᠦᠯᠦᠭ ᠢ ᠰᠢᠨᠵᠢᠯᠡᠪᠡᠯ᠂ 《 ᠴᠢᠩᠬᠢᠰ ᠬᠠᠭᠠᠨ ᠤ ᠤᠵᠤᠭᠤᠷ》 ᠪᠤᠯ ᠬᠦᠦᠷᠨᠢᠯ ᠤᠨ ᠴᠢᠭᠯᠡᠯ ᠪᠠ ᠬᠦᠦᠷᠨᠢᠯ ᠤᠨ ᠭᠤᠤᠯ ᠦᠯᠢᠭᠡᠷ ᠤᠨ ᠱᠤᠭᠤᠮ ᠲᠠᠢ ᠬᠣᠯᠪᠤᠭᠳᠠᠭᠰᠠᠨ ᠴᠢᠬᠤᠯᠠ ᠠᠰᠠᠭᠤᠳᠠᠯ ᠮᠦᠨ᠂ ᠲᠡᠢᠮᠦ ᠶᠢᠨ ᠲᠤᠯᠠ1 ᠪᠦᠯᠦᠭ ᠡᠴᠡ ᠬᠠᠰᠤᠵᠤ ᠬᠠᠶᠠᠵᠤ ᠪᠤᠯᠬᠤ ᠦᠭᠡᠢ᠂ ᠳᠠᠷᠤᠢ 《 ᠴᠢᠩᠬᠢᠰ ᠬᠠᠭᠠᠨ ᠤ ᠤᠵᠤᠭᠤᠷ》 ᠪᠤᠯ 《ᠮᠣᠩᠭᠤᠯ ᠤᠨᠨᠢᠭᠤᠴᠠ ᠲᠣᠪᠴᠢᠶᠠᠨ》 ᠤ ᠤᠭ ᠨᠡᠷ ᠠ ᠪᠢᠰᠢ᠂ ᠬᠠᠷᠢᠨ 《 ᠲᠤᠪᠴᠢᠶᠠᠨ》 ᠪᠤᠶᠤ《 ᠮᠣᠩᠭᠤᠯ ᠤᠨ ᠲᠣᠪᠴᠢᠶᠠᠨ》 ᠪᠤᠯ 《 ᠮᠣᠩᠭᠤᠯ ᠤᠨ ᠨᠢᠭᠤᠴᠠ ᠲᠣᠪᠴᠢᠶᠠᠨ》 ᠤ ᠤᠭ ᠮᠣᠩᠭᠤᠯ ᠨᠡᠷ ᠠ ᠮᠦᠨ᠃ ᠡᠭᠦᠨ ᠡᠴᠡ ᠭᠠᠳᠠᠨ᠎ᠠ᠂《ᠬᠡᠷᠭᠡᠢ》 ᠭᠡᠳᠡᠭ ᠦᠭᠡ ᠵᠢᠵᠦᠪᠬᠡᠨ ᠬᠦᠮᠦᠨ ᠳ᠋ᠤ ᠬᠡᠷᠡᠭᠯᠡᠳᠡᠭ ᠭᠡᠰᠡᠨ ᠲᠤᠯᠢ ᠪᠢᠴᠢᠭ ᠤᠨ ᠲᠠᠢᠯᠪᠤᠷᠢ ᠡᠴᠡ ᠦᠵᠡᠪᠡᠯ᠂ ᠪᠦᠷᠳᠡ ᠴᠢᠨᠤ ᠠ ᠪᠤᠯ ᠨᠡᠷ ᠠ ᠮᠦᠨ ᠭᠡᠬᠦ ᠦᠵᠡᠯᠲᠡ ᠳ᠋ᠤ ᠪᠠᠰᠠ ᠨᠢᠭᠡᠨ ᠪᠠᠷᠢᠮᠲᠠ ᠵᠢ ᠨᠡᠮᠡᠷᠢᠯᠡᠵᠦ ᠪᠤᠯᠬᠤ ᠶᠤᠮ᠃ |
| 原文 |
查看原文
|
| 出自 |
内蒙古大学学报
2025年
第2期
|