| 摘要 |
《 ᠯᠢᠶᠤ ᠤᠤᠯᠤᠰ ᠤᠨ ᠲᠡᠦᠬᠡ》 ᠳ᠋ᠤ ᠶᠸᠯᠢᠤᠢ ᠳ᠋ᠠᠱᠢ ᠶᠢᠨ ᠪᠠᠷᠠᠭᠤᠨᠰᠢ ᠲᠠᠢᠯᠠᠭᠰᠠᠨ ᠠᠡᠪᠠᠨ ᠨᠠᠢᠮᠠᠨ ᠠᠢᠮᠠᠭ ᠤᠨ ᠳᠤᠲᠤᠷ ᠠ ᠬᠢᠲᠠᠳ ᠢᠢᠡᠷ ᠪᠢ ᠭᠦ᠋ ᠳ᠋ᠸ) ᠭᠡᠳᠡᠭ ᠠᠢᠮᠠᠭ ᠢ ᠲᠡᠮᠳᠡᠭᠯᠡᠵᠦ ᠪᠤᠢ᠃《ᠵᠢᠳᠠᠨ ᠤᠯᠤᠰ ᠤᠨ ᠤᠢᠯᠠᠯᠭ᠎ᠠ᠂ ᠬᠢᠳᠠᠨ ᠤ ᠭᠠᠵᠠᠷ ᠤᠨ ᠵᠢᠷᠤᠭ》 ᠢ ᠰᠣᠳᠤᠯᠬᠤ ᠪᠡᠷ ᠳᠠᠮᠵᠢᠨ᠂ ᠯᠢᠶᠤ ᠤᠯᠤᠰ ᠤᠨ ᠦᠶ ᠡ ᠳ᠋ᠤ᠂ ᠪᠠᠷᠭᠤᠳ ᠠᠢᠮᠠᠭ ᠤᠨ ᠨᠤᠲᠤᠭ ᠨᠢ ᠮᠦᠨ ᠪᠠᠢᠭᠠᠯ ᠨᠠᠭᠤᠷ ᠤᠨ ᠵᠡᠬᠦᠨ ᠲᠠᠯ ᠠ ᠪᠡᠷ ᠭᠤᠤᠯᠯᠠᠵᠤ᠂ ᠲᠠᠩ ᠤᠯᠤᠰ ᠤᠨ ᠦᠶ᠎ᠡ ᠶᠢᠨ ᠪᠠᠢᠷᠭᠤ ᠠᠢᠮᠠᠭ ᠤᠨ ᠨᠤᠲᠤᠭ ᠲᠠᠢ ᠦᠨᠳᠦᠰᠦᠨ ᠳ᠋ᠤ ᠪᠠᠨ ᠠᠳᠠᠯᠢ ᠪᠠᠢᠭᠰᠠᠨ ᠢ ᠣᠯᠵᠤ ᠮᠡᠳᠡᠵᠡᠢ᠃ ᠲᠤᠰ ᠦᠭᠦᠯᠠᠯ ᠳ᠋ᠤ ᠲᠡᠦᠬᠡᠨ ᠬᠡᠯᠡ ᠰᠢᠨᠵᠢᠯᠡᠯ ᠤᠨ ᠠᠷᠭ᠎ᠠ ᠵᠢ ᠬᠷᠡᠭᠯᠡᠵᠦ᠂ ᠰᠢᠨᠵᠢᠯᠡᠭᠡᠳ᠂ ᠪᠢ ᠭᠦ᠋ ᠳ᠋ᠸ ᠠᠢᠮᠠᠭ ᠪᠤᠯ ᠳᠠᠷᠤᠢ ᠪᠠᠢᠭᠠᠯ ᠨᠠᠭᠤᠷ ᠤᠨ ᠵᠡᠭᠦᠨ ᠲᠠᠯ ᠠ ᠪᠡᠷ ᠨᠤᠲᠤᠭ ᠲᠠᠢ ᠪᠠᠢᠭᠰᠠᠨ ᠪᠠᠷᠭᠤᠳ ᠠᠢᠮᠠᠭ ᠪᠤᠯᠤᠨ᠎ᠠ ᠭᠡᠵᠦ ᠦᠭᠦᠯᠡᠪᠡ᠃ |