| 摘要 |
ᠳᠠᠭᠤᠷ ᠦᠨᠳᠦᠰᠦᠲᠡᠨ ᠤ ᠠᠷᠠᠳ ᠤᠨ ᠠᠮᠠᠨ ᠵᠤᠬᠢᠶᠠᠯ ᠤᠨ ᠳᠤᠲᠤᠷ ᠠ ᠨᠢᠭᠡ ᠪᠤᠶᠤ ᠬᠤᠶᠠᠷ ᠪᠠᠷᠭᠤ ᠦᠭᠡ ᠪᠡᠷ ᠪᠦᠲᠦᠭᠰᠡᠨ᠂ ᠲᠤᠯᠤᠭᠠᠢ ᠬᠣᠯᠪᠤᠵᠤ ᠰᠡᠭᠦᠯ ᠳᠠᠷᠤᠬᠤ ᠵᠢ ᠡᠷᠬᠢᠮᠯᠡᠵᠦ᠂ ᠭᠤᠤᠯᠳᠠᠭᠤ ᠶᠠᠭᠤᠮ ᠠ ᠦᠵᠡᠭᠳᠡᠯ ᠤᠨ ᠮᠦᠨ ᠴᠢᠨᠠᠷ ᠤᠨ ᠣᠨᠴᠠᠯᠢᠭ᠂ ᠳᠤᠳᠤᠭᠠᠳᠤ ᠵᠢᠮ ᠠ ᠬᠠᠤᠯᠢ ᠵᠢ ᠢᠯᠡᠳᠭᠡᠬᠦ ᠪᠠ ᠰᠤᠷᠭᠠᠨ ᠴᠡᠭᠡᠷᠯᠡᠬᠦᠯᠦᠯ ᠤᠨ ᠠᠭᠤᠯᠭ᠎ᠠ ᠪᠦᠬᠦᠢ ᠵᠦᠢᠷ ᠰᠡᠴᠡᠨ ᠦᠭᠡ ᠵᠢ 《 ᠤᠶᠢᠨ ᠦᠰᠦᠭ》 ᠭᠡᠳᠡᠭ᠃ ᠲᠤᠰ ᠦᠭᠦᠯᠠᠯ ᠳ᠋ᠤ ᠳᠠᠭᠤᠷ ᠦᠨᠳᠦᠰᠦᠲᠡᠨ ᠤ ᠤᠶᠢᠨ ᠦᠰᠦᠭ ᠲᠤ ᠳᠤᠰᠬᠠᠬᠭᠳᠠᠭᠰᠠᠨ ᠤᠷᠤᠰᠢᠨ ᠰᠠᠭᠤᠭ᠎ᠠ ᠪᠠᠢᠭᠠᠯᠢ ᠣᠷᠴᠢᠨ᠂ ᠵᠠᠩ ᠦᠢᠯᠡ᠂ ᠵᠠᠩᠰᠢᠯ ᠤᠨ ᠬᠠᠤᠯᠢ᠂ ᠢᠳᠡᠭᠡᠨ ᠤᠮᠳᠠᠭᠠᠨ ᠤ ᠰᠣᠶᠤᠯ ᠵᠡᠷᠭᠡ ᠡᠴᠡ ᠭᠠᠷᠳᠠᠵᠤ᠂ ᠤᠶᠢᠨ ᠦᠰᠦᠭ ᠤᠨ ᠦᠨᠳᠦᠰᠦᠲᠡᠨ ᠤ ᠣᠨᠴᠠᠯᠢᠭ ᠢ ᠰᠣᠳᠤᠯᠤᠨ ᠰᠢᠨᠵᠢᠯᠡᠪᠡ᠃ |