摘要 |
ᠮᠣᠩᠭᠤᠯ ᠬᠡᠯᠡᠨ ᠳ᠋ᠤ《 ᠢᠷᠦᠭᠡ》 ᠭᠡᠬᠦ ᠦᠭᠡ ᠤᠷᠤᠭᠰᠠᠨ ᠬᠤᠷᠰᠢᠶ ᠠ ᠦᠭᠡ ᠲᠤᠩ ᠤᠯᠠᠨ ᠪᠠᠢᠳᠠᠭ᠃ ᠡᠳᠡᠭᠡᠷ ᠬᠤᠷᠰᠢᠶ ᠠ ᠦᠭᠡᠨ ᠳ᠋ᠤ᠂ ᠲᠤᠰ ᠦᠭᠡ ᠨᠢ ᠤᠯᠠᠩᠬᠢ ᠳ᠋ᠤ ᠪᠠᠨ ᠰᠢᠯᠵᠢᠭᠰᠡᠨ ᠤᠳᠬ ᠠ ᠪᠡᠷ ᠬᠡᠷᠡᠭᠯᠡᠭᠳᠡᠵᠦ᠂ ᠬᠦᠮᠦᠨ ᠤ ᠠᠳᠠᠯᠢ ᠪᠤᠰᠤ ᠶᠢᠨ ᠰᠡᠳᠬᠢᠯ ᠤᠨ ᠬᠦᠳᠡᠯᠭᠡᠭᠡᠨ᠂ ᠲᠤᠳᠤᠭᠠᠲᠤ ᠵᠠᠩ ᠴᠢᠠᠨᠷ ᠭᠡᠬᠦ ᠮᠡᠲᠦ ᠶᠢᠨ ᠤᠳᠬ ᠠ ᠵᠢ ᠢᠯᠡᠳᠭᠡᠳᠡᠭ ᠪᠤᠢᠨᠠ᠃ ᠦᠭᠦᠯᠡᠯ ᠳ᠋ᠤ《 ᠵᠢᠷᠦᠭᠡ》ᠭᠡᠬᠦ ᠦᠭᠡ ᠤᠷᠤᠭᠰᠠᠨ ᠬᠤᠷᠰᠢᠶ ᠠ ᠦᠭᠡ ᠵᠢ ᠬᠤᠷᠰᠢᠶ ᠠ ᠵᠢᠩᠬᠢᠨᠢ ᠨᠡᠷ ᠠ᠂ ᠬᠤᠷᠰᠢᠶ ᠠ ᠦᠢᠯᠡ ᠦᠭᠡ ᠪᠠ ᠬᠤᠷᠰᠢᠶ ᠠ ᠲᠡᠮᠳᠡᠭ ᠨᠡᠷ ᠠ ᠭᠡᠬᠦ ᠭᠤᠷᠪᠠᠨ ᠲᠦᠷᠦᠯ ᠳ᠋ᠤ ᠠᠩᠭᠢᠯᠠᠨ᠂《 ᠵᠢᠷᠦᠭᠡ》 ᠭᠡᠬᠦ ᠦᠭᠡ ᠶᠢᠨ ᠢᠯᠡᠳᠭᠡᠭᠰᠡᠨ ᠤᠳᠬ ᠠ ᠪᠠ ᠤᠳᠬ ᠠ ᠶᠢᠨ ᠬᠦᠭᠵᠢᠯ ᠬᠤᠪᠢᠷᠠᠯ ᠢ ᠳᠦᠬᠦᠮ ᠦᠭᠦᠯᠡᠭᠰᠡᠨ ᠪᠠᠢᠨ᠎ᠠ᠃ |