摘要 |
ᠲᠤᠰ ᠦᠭᠦᠯᠠᠯ ᠳ᠋ᠤ ᠡᠷᠲᠡᠮᠲᠡᠨ ᠲᠦ᠂ ᠵᠠᠮᠴᠠ ᠶᠢᠨ ᠲᠤᠮᠳᠠᠰᠰᠳᠤ ᠤᠯᠤᠰ ᠤᠨ 《 ᠵᠠᠩᠭᠠᠷ》 ᠰᠣᠳᠤᠯᠤᠯ ᠳ᠋ᠤ ᠤᠷᠤᠭᠤᠯᠤᠭᠰᠠᠨ ᠬᠤᠪᠢ ᠨᠡᠮᠡᠷᠢ ᠵᠢ ᠦᠷ ᠠ ᠪᠦᠲᠦᠭᠡᠯ ᠤᠨ ᠬᠢᠨᠢ ᠬᠦᠷᠥᠶ ᠡ ᠴᠠᠷᠠᠭ᠎ᠠ ᠪᠡᠷ ᠨᠢ ᠦᠭᠦᠯᠡᠯ ᠵᠤᠬᠢᠶᠠᠯ ᠬᠢᠭᠡᠳ ᠨᠣᠮ ᠪᠢᠴᠢᠭ ᠭᠡᠬᠦ ᠬᠤᠶᠠᠷ ᠲᠠᠯ ᠠ ᠪᠡᠷ ᠦᠭᠦᠯᠡᠪᠡ᠃ ᠲᠦ᠂ ᠵᠠᠮᠴᠠ ᠭᠤᠤᠯᠳᠠᠭᠤ《 ᠵᠠᠩᠭᠠᠷ》 ᠤᠨ ᠤᠯᠠᠮᠵᠢᠯᠠᠯ᠂ ᠰᠢᠨᠵᠢᠶᠠᠩ ᠤᠨ ᠵᠠᠩᠭᠠᠷᠴᠢ ᠵᠢᠴᠢ ᠲᠡᠭᠦᠨ ᠤ ᠬᠡᠪ ᠨᠠᠮᠪᠠ ᠵᠡᠷᠭᠡ ᠶᠢᠨ ᠰᠣᠳᠤᠯᠤᠯ ᠳ᠋ᠤ ᠴᠢᠬᠤᠯᠠ ᠬᠣᠪᠢ ᠨᠡᠮᠡᠷᠢ ᠪᠠᠨ ᠦᠭᠦᠭᠰᠡᠨ ᠪᠠᠢᠨ᠎ᠠ᠃ ᠤᠨᠴᠠᠭᠠᠢᠯᠠᠨ ᠲᠦ᠂ ᠵᠠᠮᠴᠠ ᠶᠢᠨ ᠨᠢᠭᠡ ᠬᠡᠰᠡᠭ ᠦᠭᠦᠯᠡᠯ ᠵᠤᠬᠢᠶᠠᠯ ᠪᠤᠶᠤ ᠨᠣᠮ ᠤᠨ ᠪᠢᠴᠢᠭ ᠢᠢᠡᠨ ᠬᠢᠲᠠᠳ ᠬᠡᠯᠡ ᠪᠡᠷ ᠬᠡᠪᠯᠡᠬᠦᠯᠦᠭᠰᠡᠨ ᠶᠠᠪᠤᠳᠠᠯ ᠨᠢ ᠬᠢᠲᠠᠳ ᠬᠡᠯᠡᠲᠦ ᠣᠩᠰᠢᠭᠴᠢᠳ ᠲᠤ《 ᠵᠠᠩᠭᠠᠷ》 ᠰᠣᠳᠤᠯᠤᠯ ᠤᠨ ᠪᠠᠢᠳᠠᠯ ᠢ ᠲᠠᠨᠢᠯᠴᠠᠭᠤᠯᠬᠤ ᠳ᠋ᠤ ᠤᠮᠳᠤᠭᠠᠢᠯᠠᠵᠤ ᠪᠤᠯᠤᠰᠢ ᠦᠭᠡᠢ ᠬᠦᠴᠦᠨ ᠵᠢᠳᠭᠦᠯ ᠦᠵᠡᠭᠦᠯᠦᠭᠰᠡᠡ ᠪᠠᠢᠪᠠ᠃ |