论文信息


题名 ᠮᠣᠩᠭᠤᠯ ᠦᠯᠢᠭᠡᠷᠲᠦ ᠠᠷᠠᠳ ᠤᠨ ᠲᠠᠭᠤᠤ ᠶᠢᠨ ᠤᠷᠠᠨ ᠲᠦᠷᠢ ᠶᠢᠨ ᠠᠩᠬᠢᠯᠠᠯ ᠤᠨ ᠠᠰᠠᠭᠤᠳᠠᠯ
作者 ᠵᠢᠨ ᠦᠨᠢᠷ
关键词 ᠮᠣᠩᠭᠤᠯ ᠦᠯᠢᠭᠡᠷᠲᠦ ᠠᠷᠠᠳ ᠤᠨ ᠲᠠᠭᠤᠤ︔ ᠤᠷᠠᠨ ᠳᠦᠷᠢ︔ ᠲᠦᠷᠦᠯ ᠠᠩᠬᠢᠯᠠᠯ
摘要 ᠮᠣᠩᠭᠤᠯ ᠦᠯᠢᠭᠡᠷᠲᠦ ᠠᠷᠠᠳ ᠤᠨ ᠲᠠᠭᠤᠤ ᠪᠤᠯ ᠬᠣᠷᠴᠢᠨ ᠨᠤᠲᠤᠭ ᠤᠨ ᠤᠢᠷ ᠠ ᠦᠶ ᠠ  ᠶᠢᠨ ᠲᠡᠦᠬᠡ ᠶᠢᠨ ᠬᠣᠪᠢᠰᠤᠯ᠂ ᠨᠡᠢᠭᠡᠮ ᠤᠨ ᠰᠠᠮᠠᠭᠤᠷᠠᠯ᠂ ᠠᠷᠠᠳ ᠤᠨ ᠠᠮᠢᠳᠤᠷᠠᠯ ᠢᠢᠡᠷ ᠰᠡᠳᠦᠪᠯᠡᠵᠦ᠂ ᠠᠷᠠᠳ ᠤᠨ ᠤᠷᠠᠯᠢᠭᠴᠢᠳ ᠤᠨ ᠲᠠᠭᠤᠯᠠᠵᠤ ᠬᠦᠦᠷᠨᠢᠬᠦ ᠠᠷᠭ᠎ᠠ ᠬᠡᠯᠪᠡᠷᠢ ᠪᠡᠷ ᠤᠳᠤ ᠪᠤᠯᠲᠠᠯ ᠠ ᠤᠯᠠᠮᠵᠢᠯᠠᠨ ᠲᠡᠯᠭᠡᠷᠡᠵᠦ ᠢᠷᠡᠭᠰᠡᠨ ᠤᠷᠠᠨ ᠪᠦᠲᠦᠭᠡᠯ ᠪᠤᠯᠤᠨ᠎ᠠ᠃ ᠡᠨᠡ ᠬᠦ ᠠᠮᠠᠨ ᠪᠡᠷ ᠤᠯᠠᠮᠵᠢᠯᠠᠭᠰᠠᠨ ᠠᠷᠠᠳ ᠤᠨ ᠤᠷᠠᠯᠢᠭ ᠨᠢ ᠲᠤᠬᠠᠢ ᠶᠢᠨ ᠨᠡᠢᠭᠡᠮ ᠤᠨ ᠪᠤᠳᠠᠳᠤ ᠠᠬᠤᠢ ᠵᠢ ᠡᠭᠴᠡᠯᠡᠨ ᠬᠠᠷᠠᠵᠤ᠂ ᠪᠤᠳᠤᠯ ᠰᠡᠳᠬᠢᠯᠭᠡ ᠪᠠᠨ ᠰᠢᠭᠤᠳ ᠢᠯᠡᠳᠭᠡᠬᠦ ᠳ᠋ᠤ ᠪᠠᠨ ᠨᠡᠢᠭᠡᠮ ᠤᠨ ᠡᠯ ᠠ ᠡᠲᠡᠭᠡᠳ᠂ ᠡᠯ ᠠ ᠳᠠᠪᠬᠤᠷᠭ᠎ᠠ ᠶᠢᠨ ᠬᠦᠮᠦᠨ ᠤ ᠲᠦᠷᠢ ᠵᠢ ᠲᠤᠩ ᠤᠯᠠᠨ ᠪᠦᠲᠦᠭᠡᠭᠰᠡᠨ ᠪᠠᠢᠳᠠᠭ᠃ ᠡᠭᠦᠨ ᠳ᠋ᠤ ᠡᠭᠡᠯ ᠠᠷᠠᠳ ᠤᠨ ᠲᠦᠷᠢ ᠵᠠᠩᠬᠢᠯᠠᠬᠤ ᠣᠯᠠᠨ ᠲᠤᠭ᠎ᠠ ᠵᠢ ᠡᠵᠡᠯᠡᠵᠦ᠂ ᠪᠠᠰᠠ ᠪᠠᠭ᠎ᠠ ᠪᠤᠰᠤ ᠪᠠᠭᠠᠲᠤᠷ ᠰᠠᠢᠨ ᠡᠷ ᠠ ᠶᠢᠨ ᠲᠦᠷᠢ᠂ ᠡᠷᠬᠡᠲᠦ ᠨᠤᠶᠠᠳ ᠤᠨ ᠲᠦᠷᠢ᠂ ᠱᠠᠰᠢᠨᠲᠠᠨ ᠤ ᠲᠦᠷᠢ ᠵᠢᠴᠢ ᠵᠠᠷᠴᠤᠠ᠂ ᠢᠨᠵᠢ᠂ ᠬᠤᠳᠠᠯᠳᠤᠭᠠᠴᠢᠨ᠂ ᠤᠷᠠᠨ ᠲᠠᠷᠬᠠᠨ᠂ ᠴᠠᠭᠠᠰᠢᠯᠠᠭᠠᠳ᠂ ᠡᠭᠲᠠ ᠬᠦᠯᠦᠭ᠂ ᠬᠤᠨ ᠭᠠᠯᠠᠭᠤ᠂ ᠪᠤᠭᠤ᠂ ᠨᠤᠬᠠᠢ᠂ ᠡᠯᠵᠢᠭᠡ ᠵᠡᠷᠭᠡ ᠠᠮᠢᠲᠠᠨ ᠤ ᠲᠦᠷᠢᠴᠦ ᠪᠠᠢᠳᠠᠭ᠃ ᠦᠭᠦᠯᠡᠯ ᠳ᠋ᠤ᠂ ᠡᠳᠡᠭᠡᠷ ᠲᠦᠷᠢ ᠨᠦᠬᠦᠳ ᠢ ᠬᠡᠷᠬᠢᠨ ᠲᠦᠷᠦᠯᠵᠢᠬᠦᠯᠵᠦ ᠠᠩᠬᠢᠯᠠᠬᠤ ᠠᠰᠠᠭᠤᠳᠠᠯ ᠢ ᠬᠢᠱᠢᠶᠡᠨ ᠦᠭᠦᠯᠡᠭᠰᠡᠡ ᠪᠠᠢᠨ᠎ᠠ᠃
原文 没有原文
出自 内蒙古民族大学学报(社会科学) 2024年 第2期

联系我们


内蒙古大学图书馆
呼和浩特市大学西路235号
中国·内蒙古
P: (0471) 4992561
E: huangfeilong@imu.edu.cn