题名 |
ᠰᠢᠷᠭᠠᠬ᠋ᠤ ᠰᠤᠳᠤᠯᠭ᠎ᠠ ᠰᠢᠯᠢᠳᠡᠭ ᠪᠦᠳᠦᠭᠡᠯ — ᠡᠷᠳᠡᠨᠢᠵᠠᠪ ᠫᠷᠦᠹᠸᠰᠰᠦᠷ ᠤᠨ ᠵᠤᠬᠢᠶᠠᠯ ᠪᠦᠳᠦᠭᠡᠯ ᠢ ᠤᠩᠰᠢᠭᠠᠳ |
作者 |
ᠳᠡᠭᠰᠢᠪᠢᠯᠢᠭ᠌ |
关键词 |
ᠮᠠᠯ ᠠᠵᠤ ᠠᠬᠤᠢ; ᠡᠷᠳᠡᠨᠢᠵᠠᠪ ᠫᠷᠦᠹᠸᠰᠰᠦᠷ ; |
摘要 |
ᠡᠷᠳᠡᠨᠢᠵᠠᠪ ᠫᠷᠦᠹᠸᠰᠰᠦᠷ ᠪᠤᠯ ᠨᠡᠭᠦᠳᠡᠯ ᠮᠠᠯ ᠠᠵᠤ ᠠᠬᠤᠢ ᠶᠢᠨ ᠠᠩᠬᠠᠨ ᠦ ᠰᠢᠨᠵᠢᠯᠡᠭᠡ ᠰᠤᠳᠤᠯᠭ᠎ᠠ ᠬᠦᠵᠦ᠂ ᠦᠨᠳᠦᠷ ᠪᠦᠳᠦᠮᠵᠢ ᠠᠳᠭᠠ ᠠᠮᠵᠢᠯᠲᠠ ᠦᠵᠡᠭᠦᠯᠦᠭᠰᠡᠨ ᠡᠷᠳᠡᠮᠳᠡᠨ ᠮᠦᠨ ᠃ ᠳᠡᠷᠡ ᠨᠡᠭᠦᠳᠡᠯ ᠠᠵᠤ ᠠᠬᠤᠢ ᠶᠢ ᠡᠭᠦᠰᠦᠯ᠂ ᠤᠨᠴᠠᠯᠢᠭ᠂ ᠡᠵᠡᠩᠨᠡᠯᠳᠡ ᠶᠢᠨ ᠠᠷᠭ᠎ᠠ ᠮᠠᠶ᠍᠌᠍ᠢ᠍᠍ᠭ ᠪᠠ ᠦᠮᠴᠢᠯᠡᠯ ᠤᠨ ᠪᠦᠳᠦᠴᠡ ᠵᠡᠷᠭᠡ ᠶᠢ ᠨᠠᠷᠢᠨ ᠰᠢᠨᠵᠢᠯᠡᠵᠦ᠂ ᠳᠡᠭᠦᠨ ᠦ ᠬᠤᠪᠢᠷᠠᠯ ᠬᠦᠭ᠍ᠵᠢᠯ ᠢ ᠲᠤᠳᠤᠷᠬᠠᠢ᠌ᠯᠠᠨ ᠢᠯᠡᠷᠡᠭᠦᠯᠵᠦ᠂ ᠢᠷᠡᠭᠡᠳᠦᠢ ᠶᠢᠨ ᠤᠷᠤᠭᠰᠢᠯ ᠲᠠᠪᠰᠢᠯ ᠢ ᠨᠢ ᠵᠢᠷᠤᠭᠯᠠᠨ ᠲᠦᠷᠰᠦᠯᠡᠭᠰᠡᠨ ᠪᠠᠢ᠌ᠨ᠎ᠠ᠃ ᠮᠦᠨ ᠴᠤ ᠮᠠᠷᠺᠰ ᠤᠨ ᠠᠽᠢᠶ ᠠ ᠶᠢᠨ ᠦᠢᠯᠡᠳᠪᠦᠷᠢᠯᠡᠯ ᠤᠨ ᠠᠷᠭ᠎ᠠ ᠮᠠᠶᠢ᠍ᠭ ᠤᠨ ᠤᠨᠤᠯ ᠶᠢᠨᠷ ᠨᠡᠭᠦᠳᠡᠯ ᠠᠵᠤ ᠠᠬᠤᠢ ᠶᠢᠨ ᠬᠦᠴᠡᠷ ᠲᠦᠪᠡᠭ ᠲᠠᠢ ᠤᠨᠤᠯ ᠤᠨ ᠠᠰᠠᠭᠤᠳᠠᠯ ᠢ ᠲᠠᠢ᠌ᠯᠪᠤᠷᠢᠯᠠᠨ ᠰᠢ᠌ᠳᠪᠦᠷᠢᠯᠡᠪᠡ᠃ ᠤᠷᠴᠢᠮ ᠤᠨ ᠵᠢᠯ ᠡᠴᠡ ᠨᠤᠳᠤᠭ ᠪᠡᠯᠴᠢᠭᠡᠷ ᠡᠪᠳᠡᠭᠳᠡᠨ ᠲᠠᠴᠢᠷᠳᠡᠵᠦ ᠪᠠᠢ᠌ᠬᠤ ᠬᠦᠨᠳᠦ ᠨᠤᠴᠢᠲᠠᠢ ᠪᠠᠢ᠌ᠳᠠᠯ ᠳᠤ ᠴᠢᠭᠯᠡᠭᠦᠯᠦᠨ ᠡᠷᠳᠡᠨᠢᠵᠡᠪ ᠫᠷᠦᠹᠸᠰᠰᠦᠷ ᠪᠠᠢ᠌ᠭᠠᠯᠢ ᠶᠢᠨ ᠶᠢᠨ ᠡᠬᠢ ᠪᠠᠶᠠᠯᠢᠭ ᠤᠨ ᠦᠷᠳᠡᠭ ᠢ ᠠᠩᠬᠠᠷᠤᠨ ᠰᠤᠳᠤᠯᠵᠤ᠂ ᠳᠡᠭᠦᠨ ᠦ ᠤᠨᠤᠯ ᠤᠨ ᠲᠠᠯ ᠠ ᠡᠴᠡ ᠵᠠᠳᠠᠯᠤᠨ ᠰᠢᠨᠵᠢᠯᠡᠵᠦ᠂ ᠦᠢᠯᠡᠳᠦᠯᠭᠡ ᠶᠢᠨ ᠠᠴᠢ ᠬᠤᠯᠪᠤᠭᠳᠠᠯ ᠢ ᠲᠤᠳᠤᠷᠬᠠᠢ᠌ᠯᠠᠨ ᠦᠭᠦᠯᠡᠭᠰᠡᠨ ᠡᠴᠡ ᠮᠠᠯ ᠠᠵᠤ ᠠᠬᠤᠢ ᠶᠢᠨ ᠰᠤᠳᠤᠯᠭᠠᠨ ᠳᠡᠬᠢ ᠴᠢᠬᠤᠯᠠ ᠠᠰᠠᠭᠤᠳᠠᠯ ᠢ ᠰᠢ᠌ᠳᠪᠦᠷᠢᠯᠡᠵᠦ ᠦᠭ᠍ᠭᠦᠭ᠍ᠰᠡᠨ ᠪᠠᠢ᠌ᠨ᠎ᠠ᠃ |
原文 |
查看原文
|
出自 |
内蒙古师范大学学报
2008年
第2期
|