摘要 |
ᠰᠢᠪᠡᠭᠡ ᠬᠡᠯᠡᠯ ᠪᠤᠯ ᠠᠪᠢᠶᠠᠨ ᠤ ᠬᠣᠪᠢᠷᠠᠯ ᠶᠡᠬᠡᠲᠡᠢ ᠮᠦᠷᠲᠡᠭᠡᠨ ᠪᠤᠲᠤᠯᠢᠶᠠᠨᠲᠤ ᠰᠢᠨᠵᠢ ᠲᠠᠢ ᠬᠡᠯᠡ ᠪᠤᠯᠤᠨ᠎ᠠ᠃ ᠰᠢᠪᠡᠭᠡ ᠭᠡᠯᠡᠨ ᠤ ᠠᠪᠢᠶᠠᠨ ᠤ ᠬᠣᠪᠢᠷᠠᠯ ᠨᠢ ᠶᠠᠷᠢᠶᠠᠨ ᠤ ᠤᠷᠤᠰᠬᠠᠯ ᠳ᠋ᠤ ᠤᠳᠬ ᠠ ᠢᠯᠭᠠᠬᠤ ᠦᠢᠯᠡᠳᠦᠯ ᠦᠬᠡᠢ ᠪᠣᠯᠪᠠᠴᠦ ᠲᠤᠬᠠᠢ ᠶᠢᠨ ᠬᠡᠯᠡᠨ ᠤᠠᠪᠢᠶᠠᠨ ᠤ ᠣᠨᠴᠠᠯᠢᠭ ᠢ ᠲᠤᠰᠬᠠᠵᠤ ᠪᠠᠢᠳᠠᠭ ᠡᠴᠡ ᠬᠦᠮᠦᠰ ᠤᠨ ᠬᠠᠷᠢᠯᠴᠠᠭ᠎ᠠ ᠵᠢ ᠨᠢᠭᠡ ᠬᠡᠮᠵᠢᠶᠡᠨ ᠳ᠋ᠤ ᠨᠦᠯᠦᠭᠡᠯᠡᠯᠳᠡᠭ᠃ ᠦᠭᠦᠯᠡᠯ ᠳ᠋ᠤ ᠵᠤᠬᠶᠠᠭᠴᠢ ᠡᠴᠡ ᠰᠢᠨᠵᠢᠶᠡᠩ ᠤᠨ ᠴᠠᠪᠴᠢᠶᠠᠯ ᠰᠢᠪᠡᠭᠡ ᠦᠪᠡᠷᠲᠡᠭᠡᠨ ᠵᠠᠰᠠᠬᠤ ᠰᠢᠶᠠᠨ ᠤ ᠠᠢᠰᠢᠨ ᠱᠠᠷᠢ ᠪᠠᠯᠭᠠᠰᠤ ᠳ᠋ᠤ ᠰᠠᠭᠤᠷᠢᠰᠢᠵᠤ ᠪᠠᠢᠭ᠎ᠠ ᠰᠢᠪᠡᠭᠡᠴᠤᠳ ᠲᠤ ᠬᠢᠭᠰᠡᠨ ᠰᠢᠪᠡᠭᠡ ᠶᠠᠷᠢᠶᠠᠨ ᠤ ᠬᠡᠯᠡᠨ ᠤ ᠪᠠᠢᠴᠠᠭᠠᠯᠲᠠ ᠶᠢᠨ ᠮᠠᠲ᠋ᠸᠷᠢᠶᠠᠯ ᠳ᠋ᠤ ᠰᠠᠭᠤᠷᠢᠯᠠᠨ᠂ ᠠᠪᠢᠶᠠᠨ ᠤ ᠬᠣᠪᠢᠷᠠᠯ ᠢ ᠨᠢ ᠵᠠᠳᠠᠯᠤᠨ ᠰᠢᠨᠵᠢᠯᠡᠵᠦ᠂ ᠰᠢᠪᠡᠭᠡ ᠬᠡᠯᠡᠨ ᠤ ᠠᠪᠢᠶᠠᠨ ᠤ ᠬᠣᠪᠢᠷᠠᠯ ᠤᠨ ᠵᠢᠮ ᠠ ᠶᠣᠰᠤ ᠵᠢ ᠬᠤᠷᠢᠶᠠᠩᠭᠤᠢᠯᠠᠨ ᠦᠭᠦᠯᠡᠪᠡ᠃ |