题名 |
ᠬᠦᠮᠦᠨ ᠵᠦᠢ ᠶᠢᠨ ᠬᠠᠷᠭᠠᠰᠤ ᠡᠴᠡ ᠭᠡᠷ ᠤᠨ ᠮᠡᠳᠡᠯᠭᠡ ᠶᠢᠨ ᠬᠠᠮᠠᠭᠠᠯᠠᠯᠲᠠ ᠪᠠ ᠴᠣᠭᠴᠠᠯᠠᠯᠲᠠ ᠶᠢᠨ ᠲᠤᠬᠠᠢ ᠦᠭᠦᠯᠡᠬᠦ ᠨᠢ |
作者 |
ᠣ᠂ ᠴᠠᠬᠢᠯᠤᠯ |
关键词 |
ᠬᠦᠮᠦᠨ ᠵᠦᠢ ᠶᠢᠨ ᠬᠠᠷᠭᠠᠰᠤ︔ ᠭᠡᠷ ᠤᠨ ᠮᠡᠳᠡᠯᠭᠡ︔ ᠬᠠᠮᠠᠭᠠᠯᠠᠯᠲᠠ ᠴᠣᠭᠴᠠᠯᠠᠯᠲᠠ |
摘要 |
ᠭᠡᠷ ᠤᠨ ᠲᠤᠬᠠᠢ ᠮᠡᠳᠡᠯᠭᠡ ᠳ᠋ᠤ ᠪᠠᠢᠭᠠᠯᠢ᠂ ᠦᠢᠯᠡᠳᠪᠦᠷᠢᠯᠡᠯ᠂ ᠠᠮᠢᠳᠤᠷᠠᠯ ᠪᠠ ᠨᠡᠢᠭᠡᠮ ᠲᠦᠷᠪᠡᠨ ᠲᠡᠭᠳᠡᠷᠯᠢᠭ ᠮᠡᠳᠡᠯᠭᠡ ᠪᠠᠭᠲᠠᠳᠠᠭ᠂ ᠭᠠᠭᠴᠠ ᠬᠦ ᠦᠢᠯᠡᠳᠦᠯᠭᠡ ᠲᠣᠷᠰᠢᠯᠭ᠎ᠠ ᠵᠢ ᠲᠠᠮᠵᠢᠨ ᠴᠢᠳᠠᠮᠠᠭᠠᠢ ᠳᠦᠩᠨᠡᠭᠳᠡᠭᠰᠠᠨ ᠤᠶᠤᠯᠢᠭ ᠬᠤᠷᠢᠶᠠᠩᠭᠤᠢᠯᠠᠯ ᠪᠣᠯ ᠰᠠᠶᠢ ᠨᠤᠲᠤᠭ ᠤᠨ ᠬᠠᠷᠭᠠᠰᠤ ᠪᠦᠬᠦᠢ ᠪᠢᠯᠢᠭ ᠤᠨ ᠲᠤᠨᠳᠠᠰᠤ ᠮᠦᠨ᠃ ᠡᠨᠡ ᠨᠢ ᠨᠡᠭᠦᠳᠡᠯ ᠮᠠᠯᠵᠢᠯ ᠤᠨ ᠪᠦᠬᠦ ᠨᠡᠢᠭᠡᠮ ᠤᠨ ᠰᠢᠰᠲ᠋ᠸᠮᠲᠤ ᠮᠡᠳᠡᠯᠭᠡ ᠶᠢᠨ ᠴᠦᠮ ᠠ ᠪᠤᠯᠤᠨ᠎ᠠ᠃ ᠣᠳᠤ ᠦᠶ ᠠ ᠶᠢᠨ ᠬᠣᠪᠢᠷᠠᠯᠲᠠ ᠶᠡᠬᠡ ᠲᠠᠢ ᠣᠷᠴᠢᠨ ᠳ᠋ᠤ ᠵᠤᠬᠢᠴᠠᠭᠤᠯᠤᠨ ᠪᠡᠶᠡᠴᠢ ᠵᠣᠭᠰᠤᠯᠲᠠ ᠪᠠ ᠪᠣᠰᠤᠳᠴᠢ ᠬᠠᠷᠭᠠᠰᠤ ᠵᠢ ᠨᠢᠭᠲᠡ ᠤᠶᠠᠯᠳᠤᠭᠤᠯᠵᠤ ᠲᠦᠷᠦ ᠶᠢᠨ ᠪᠤᠳᠤᠯᠭ᠎ᠠ ᠶᠢᠨ ᠪᠠᠲᠤᠯᠠᠭ᠎ᠠ ᠪᠠ ᠲᠦᠯᠬᠢᠴᠡ ᠲᠤᠤᠷ ᠠ ᠨᠡᠢᠭᠡᠮ ᠤᠨ ᠬᠦᠴᠦᠨ᠂᠂ ᠨᠤᠲᠤᠭ ᠤᠨ ᠺᠤᠮᠮᠦᠨᠢᠲ ᠪᠠ ᠠᠷᠠᠳ ᠣᠯᠠᠨ ᠤ ᠪᠦᠬᠦ ᠲᠠᠯ ᠠ ᠪᠡᠷ ᠬᠠᠮᠵᠢᠯᠴᠠᠨ ᠰᠣᠶᠤᠯ ᠤᠨ ᠦᠪ ᠪᠣᠯᠤᠭᠴᠢ ᠭᠡᠷ ᠤᠨ ᠮᠡᠳᠡᠯᠭᠡ ᠵᠢ ᠬᠠᠮᠠᠭᠠᠯᠠᠨ ᠴᠣᠭᠴᠠᠯᠠᠬᠤ ᠴᠢᠬᠤᠯ ᠲᠠᠢ᠃ ᠲᠤᠬᠠᠢᠯᠠᠪᠠᠯ ᠵᠠᠰᠠᠭ ᠪᠠ ᠨᠡᠢᠭᠡᠮ ᠤᠨ ᠬᠠᠮᠲᠤ ᠶᠢᠨ ᠬᠦᠴᠦᠨ ᠢᠢᠡᠷ ᠨᠢᠮᠪᠠᠢ ᠡᠮᠬᠢᠯᠡᠨ ᠬᠠᠮᠠᠭᠠᠯᠠᠵᠤ᠂ ᠬᠠᠯᠠᠭᠠᠯᠠᠯᠲᠠ ᠶᠢᠨ ᠶᠠᠪᠤᠴᠠ ᠳ᠋ᠤ ᠪᠦᠲᠦᠭᠡᠯᠴᠢ ᠬᠡᠷᠡᠭᠯᠡᠯᠲᠡ ᠵᠢ ᠴᠢᠩᠭᠠᠳᠬᠠᠵᠤ᠂ ᠬᠡᠷᠡᠭᠯᠡᠯᠲᠡ ᠪᠡᠷ ᠲᠠᠮᠵᠢᠨ ᠣᠷᠤᠨ ᠨᠤᠲᠤᠭ ᠤᠨ ᠡᠬᠦᠳᠦᠯᠴᠢ ᠬᠦᠭᠵᠢᠯᠲᠡ ᠵᠢ ᠠᠬᠢᠭᠤᠯᠬᠤ ᠬᠡᠷᠡᠭᠲᠡᠢ ᠭᠡᠵᠦ ᠦᠵᠡᠭᠰᠡᠨ ᠪᠠᠢᠨ᠎ᠠ᠃ |
原文 |
没有原文
|
出自 |
内蒙古大学学报
2023年
第5期
|