摘要 |
ᠲᠤᠰ ᠦᠭᠦᠯᠡᠯ ᠳ᠋ᠤ ᠵᠤᠬᠢᠶᠠᠭᠴᠢ ᠡᠴᠡ ᠪᠡᠯᠭᠡᠳᠡᠯ ᠤᠨ ᠠᠷᠭ᠎ᠠ ᠨᠢ ᠮᠣᠩᠭᠤᠯ ᠢᠷᠠᠭᠤ ᠨᠠᠢᠷᠠᠭ ᠲᠤ 13ᠳ᠋ᠤᠭᠠᠷ ᠵᠠᠭᠤᠨ ᠳ᠋ᠤ ᠨᠢᠭᠡᠨᠲᠡ ᠪᠠᠢᠪᠠ ᠭᠡᠳᠡᠭ ᠢ ᠨᠤᠲᠠᠯᠠᠨ᠂ ᠭᠤᠤᠯᠳᠠᠭᠤ ᠮᠣᠩᠭᠤᠯ ᠦᠨᠳᠦᠰᠦᠲᠡᠨ ᠤ ᠰᠡᠳᠬᠢᠬᠦᠢ ᠶᠢᠨ 《 ᠤᠤᠷ ᠰᠢᠨᠵᠢ》 ᠳ᠋ᠤ ᠬᠠᠳᠠᠭᠠᠯᠠᠭᠳᠠᠭᠰᠠᠨ 《ᠲᠤᠲ᠋ᠸᠮ ᠤᠨ ᠰᠢᠪᠠᠭᠤ》 ᠶᠢᠨ ᠰᠢᠨ᠎ᠠ ᠡᠷᠡᠨ ᠤ ᠰᠢᠯᠦᠭ ᠳ᠋ᠡᠬᠢ ᠪᠡᠯᠭᠡᠳᠡᠯ ᠲᠦᠷᠢ ᠶᠢᠨ ᠲᠤᠬᠠᠢ ᠰᠦᠪᠡᠭᠴᠢᠯᠡᠯ ᠠᠵᠢᠭᠯᠠᠯᠲᠠ ᠭᠡᠵᠦ ᠲᠡᠷᠡᠨ ᠨᠢ ᠨᠤᠲᠤᠭᠴᠢ ᠰᠡᠳᠬᠢᠯᠭᠡᠨ᠂ᠲᠤᠷᠤᠢ ᠨᠤᠮᠤᠢ ᠠᠮᠢᠲᠠᠨ ᠤ ᠲᠠᠷᠤᠯᠭ᠎ᠠ᠂ ᠪᠠᠢᠭᠠᠯᠢᠭ ᠠᠮᠢ ᠨᠠᠰᠤᠨ ᠤ ᠵᠢᠪᠬᠤᠭ᠎ᠠ᠂ ᠦᠨᠳᠦᠰᠦᠲᠡᠨ ᠤ ᠬᠤᠪᠢ ᠵᠠᠶᠠᠭ᠎ᠠ᠂ ᠪᠦᠷᠦᠭ ᠨᠢᠭᠤᠴᠠᠭᠠᠢ ᠭᠤᠤ ᠠ ᠶᠢᠨ ᠢᠯᠡᠷᠡᠬᠦᠯᠦᠯ ᠪᠡᠯᠭᠡᠳᠡᠯ ᠪᠣᠯᠬᠤ ᠶᠤᠮ ᠭᠡᠳᠡᠭ ᠢ ᠦᠵᠡᠭᠦᠯᠵᠦ ᠲᠡᠷᠡ ᠨᠢ ᠠᠷᠢᠶᠠᠲᠠᠨ ᠵᠢᠭᠦᠷᠲᠡᠨ ᠪᠠᠭᠠᠲᠤᠷ ᠢᠳᠡᠳᠡᠨ ᠢ ᠵᠦᠢᠷᠯᠡᠳᠡᠭ ᠪᠠᠢᠭᠰᠠᠨ ᠵᠢᠷᠤᠮᠳᠤᠭ ᠬᠦᠭᠵᠢᠯᠲᠡ ᠡᠴᠡ ᠪᠠᠨ ᠪᠡᠯᠭᠡᠳᠡᠯ ᠤᠨ ᠰᠢᠨ ᠡ ᠲᠦᠪᠰᠢᠨ ᠳ᠋ᠤ ᠬᠦᠷᠦᠭᠰᠡᠨ ᠭᠡᠵᠦ ᠦᠵᠡᠭᠰᠡᠨ ᠪᠠᠢᠨ᠎ᠠ᠃ |