摘要 |
ᠲᠤᠰ ᠦᠭᠦᠯᠡᠯ ᠳ᠋ᠤ᠂ ᠵᠤᠬᠢᠶᠠᠭᠴᠢ ᠣᠢᠷᠠᠳ ᠮᠣᠩᠭᠤᠯ ᠤᠨ 《ᠰᠢᠯᠭᠠᠭᠤᠳᠠ ᠶᠢᠨ ᠲᠠᠭᠤᠤ》 ᠵᠢ ᠨᠠᠷᠢᠪᠴᠢᠯᠠᠨ ᠰᠢᠨᠵᠢᠯᠡᠵᠦ᠂ ᠲᠡᠭᠦᠨ ᠤ ᠣᠨᠴᠠᠯᠢᠭ᠂ ᠪᠠᠢᠳᠠᠯ ᠵᠡᠷᠭᠡ ᠵᠢ ᠪᠤᠳᠠᠴᠢᠯᠠᠨ ᠲᠠᠨᠢᠯᠴᠠᠭᠤᠯᠵᠤ᠂ ᠲᠡᠦᠭᠡ ᠶᠢᠨ ᠡᠭᠦᠳᠡᠨ ᠡᠴᠡ ᠲᠠᠭᠤᠤ ᠶᠢᠨ ᠡᠰᠭᠦᠰᠦᠯ ᠭᠠᠷᠤᠯ ᠢ ᠲᠤᠳᠤᠷᠬᠠᠢᠯᠠᠬᠤ ᠳ᠋ᠠᠭᠠᠨ᠂ ᠡᠬᠡᠴᠢᠯᠡᠯ ᠤᠨ ᠶᠣᠰᠤᠨ ᠡᠴᠡ ᠡᠴᠢᠭᠡᠴᠢᠯᠡᠯ ᠤᠨ ᠶᠸᠰᠤᠨ ᠵᠦᠭ ᠰᠢᠯᠵᠢᠵᠦ ᠪᠠᠢᠭ᠎ᠠ ᠰᠢᠯᠵᠢᠯᠲᠡ ᠶᠢᠨ ᠴᠠᠭ ᠦᠶ ᠠ ᠳ᠋ᠤ ᠪᠤᠢ ᠪᠤᠯᠤᠭᠰᠠᠨ ᠭᠡᠬᠦ ᠳ᠋ᠦᠩᠨᠡᠯᠲᠡ ᠵᠢ ᠭᠠᠷᠭᠠᠵᠤ᠂ ᠲᠡᠷᠡ ᠨᠢᠣᠨ ᠤᠳᠠᠭᠠᠨ ᠤᠯᠠᠮᠵᠢᠯᠠᠨ ᠵᠠᠯᠭᠠᠮᠵᠢᠯᠠᠬᠤ ᠶᠠᠪᠤᠴᠠ ᠳ᠋ᠠᠭᠠᠨ ᠦᠶ ᠡ ᠪᠦᠷᠢ ᠶᠢᠨ ᠤᠷᠤᠭ ᠬᠣᠷᠢᠮ ᠤᠨ ᠵᠠᠩ ᠦᠢᠯᠡ ᠰᠢᠨᠭᠭᠡᠭᠡᠨ ᠨᠡᠪᠷᠡᠵᠦ᠂ ᠰᠢᠨᠡᠴᠢᠯᠡᠭᠳᠡᠨ ᠵᠠᠰᠠᠭᠳᠠᠵᠤ᠂ ᠬᠤᠪᠢᠰᠤᠨ ᠦᠭᠡᠷᠡᠴᠢᠯᠡᠭᠳᠡᠵᠦ᠂ ᠮᠠᠨ ᠤ ᠦᠶ ᠠ ᠬᠦᠷᠬᠦ ᠳ᠋ᠤ᠂ ᠵᠦᠪᠬᠡᠨ ᠬᠤᠷᠢᠨ ᠨᠠᠢᠷ ᠤᠨ ᠶᠤᠰᠤᠯᠠᠯ ᠲᠡᠳᠦᠢ ᠪᠤᠯᠤᠭᠰᠠᠨ ᠭᠡᠬᠦ ᠦᠵᠡᠯᠲᠡ ᠪᠡᠷ ᠲᠠᠮᠵᠢᠭᠤᠯᠤᠨ ᠡᠷᠲᠡᠨ ᠤ ᠤᠷᠤᠭ ᠬᠣᠷᠢᠮ ᠤᠨ ᠵᠠᠩᠰᠢᠯ ᠢ ᠰᠣᠳᠤᠯᠬᠤ ᠳ᠋ᠤ ᠬᠣᠪᠤᠷ ᠮᠠᠲ᠋ᠸᠷᠢᠶᠠᠯ ᠪᠤᠯᠬᠤ ᠴᠢᠬᠤᠯᠠ ᠴᠢᠠᠨᠷ ᠢ ᠲᠤᠳᠤᠷᠬᠠᠢᠯᠠᠨ ᠲᠤᠷᠠᠳᠴᠠᠢ᠃ |