摘要 |
16ᠳ᠋ᠤᠭᠠᠷ ᠵᠠᠭᠤᠨ ᠳ᠋ᠤ ᠰᠢᠠᠷ ᠠ ᠶᠢᠨ ᠱᠠᠰᠢᠨ ᠮᠣᠩᠭᠤᠯ ᠤᠷᠤᠨ ᠳ᠋ᠤ ᠤᠯᠠᠮᠵᠢᠯᠠᠭᠲᠠᠨ ᠤᠷᠤᠵᠤ ᠢᠷᠡᠭᠡᠳ᠂ ᠮᠣᠩᠭᠤᠯ ᠤᠨ ᠨᠡᠢᠭᠡᠮ ᠤᠨ ᠤᠯᠤᠰ ᠲᠦᠷᠦ ᠂ ᠰᠣᠶᠤᠯ ᠵᠡᠷᠭᠡ ᠲᠠᠯ ᠠ ᠵᠢ ᠦᠷᠭᠡᠨ ᠬᠡᠪᠴᠢᠶ ᠠ ᠪᠡᠷ ᠨᠦᠯᠦᠬᠡᠯᠡᠭᠰᠡᠨ ᠶᠣᠮ᠃17ᠳ᠋ᠤᠭᠠᠷ ᠵᠠᠭᠤᠨ ᠡᠴᠡ ᠬᠤᠢᠰᠢ ᠱᠠᠰᠢᠨ ᠤ ᠨᠦᠯᠦᠭᠡ ᠤᠯᠠᠮ ᠶᠡᠬᠡᠰᠬᠦ ᠵᠢ ᠲᠠᠭᠠᠯᠳᠤᠨ ᠤᠯᠤᠰ ᠲᠦᠷᠦ ᠶᠢᠨ ᠲᠠᠯ ᠠ ᠪᠡᠷ ᠮᠠᠨᠵᠦ ᠴᠢᠩ ᠤᠨ ᠲᠦᠷᠦ ᠡᠴᠡ ᠰᠢᠷ ᠠ ᠶᠢᠨ ᠰᠠᠱᠢᠨ ᠢ ᠶᠡᠬᠡᠲᠡ ᠲᠡᠳᠭᠦᠨ ᠲᠡᠮᠵᠢᠵᠦ᠂ ᠮᠣᠩᠭᠤᠯ ᠭᠠᠵᠠᠷ ᠢᠢᠡᠷ ᠲᠤᠩ ᠤᠯᠠᠮ ᠰᠦᠮ ᠡ ᠬᠡᠢᠢᠳ ᠪᠠᠢᠭᠤᠯᠤᠨ᠂ ᠬᠤᠲᠤᠭᠲᠤᠭ ᠭᠡᠭᠡᠨ ᠨᠠᠷ ᠢ ᠡᠷᠬᠦᠯᠵᠢᠯᠡᠵᠦ᠂ ᠪᠡᠯᠴᠢᠭᠡᠷ᠂ ᠮᠠᠯ ᠰᠦᠷᠦᠭ᠂ ᠬᠠᠷᠢᠶᠠᠲᠤ ᠠᠷᠠᠳ ᠢ ᠤᠯᠭᠤᠨ ᠲᠡᠳᠡᠨ ᠢ ᠵᠢᠩᠬᠢᠨᠢ ᠰᠢᠷ ᠠ ᠹᠢᠸᠤᠳᠠᠯ ᠤᠨ ᠡᠵᠡᠳ ᠪᠤᠯᠭᠠᠭᠰᠠᠨ ᠪᠠᠢᠨ᠎ᠠ᠃ ᠲᠡᠳᠡᠭᠡᠷ ᠰᠦᠮ ᠡ ᠪᠠ ᠬᠤᠲᠤᠭᠲᠤ ᠳ᠋ᠤ ᠬᠠᠷᠢᠶᠠᠯᠠᠭᠳᠠᠵᠦ ᠲᠡᠳᠡᠨ ᠳ᠋ᠤ ᠬᠦᠴᠦ ᠬᠦᠳᠡᠯᠮᠦᠷᠢ ᠪᠠᠨ ᠡᠷᠬᠦᠨ ᠪᠠᠷᠢᠳᠠᠭ ᠠᠷᠠᠳ ᠤᠳ ᠢ ᠱᠠᠪᠢᠨᠠᠷ 《 ᠪᠠᠰᠠ ᠬᠠᠷ ᠠ ᠱᠠᠪᠢ) ᠭᠡᠳᠡᠭ᠃ |