题名 |
ᠮᠣᠩᠭᠤᠯ ᠦᠯᠢᠭᠡᠷ ᠤᠨ ᠲᠠᠯᠠᠢ ᠡᠴᠡ ᠰᠣᠪᠤᠳ ᠱᠢᠷᠦ ᠱᠦᠭᠦᠭᠴᠢ |
作者 |
ᠲᠤᠯᠠᠭᠠᠨ |
关键词 |
ᠦᠯᠢᠭᠡᠷᠴᠢ ᠶᠢᠨ ᠰᠣᠳᠤᠯᠤᠯ︔ ᠬᠠᠷᠠᠭᠨᠠ ᠴᠡᠴᠡᠭ︔ᠪᠠᠭᠠᠲᠤᠷ ᠤᠨ ᠲᠤᠤᠯᠢ︔ ᠪᠢᠴᠢᠭ ᠤᠨ ᠵᠤᠬᠢᠶᠠᠯ ᠡᠴᠡ ᠭᠠᠷᠤᠯᠲᠠᠢ ᠦᠯᠢᠭᠡᠷ |
摘要 |
ᠦᠭᠦᠯᠡᠯ ᠳ᠋ᠤ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠪᠠᠭᠰᠢ ᠵᠢᠳᠭᠦᠯᠲᠦ᠂ ᠲᠤᠭᠲᠠᠨᠴᠡᠴᠡᠭ ᠤᠨ ᠡᠮᠬᠢᠳᠭᠡᠨ ᠲᠡᠮᠳᠡᠭᠯᠡᠭᠰᠡᠨ ᠪᠠᠷᠭᠤ ᠨᠤᠲᠤᠭ ᠤᠨ ᠦᠯᠢᠭᠡᠷᠴᠢ ᠬᠠᠷᠭᠠᠨ᠎ᠠ᠂ ᠴᠡᠴᠡᠭ ᠨ ᠠᠰᠤᠲᠠᠨ ᠤ ᠬᠡᠯᠡᠭᠰᠡᠨ ᠦᠯᠢᠭᠡᠷ ᠲᠤᠤᠯᠢ ᠶᠢᠨ ᠲᠤᠰᠬᠠᠢ ᠲᠡᠭᠦᠪᠦᠷᠢ ᠵᠢ ᠶᠡᠷᠦᠩᠬᠡᠢᠢᠯᠡᠨ ᠰᠢᠨᠵᠢᠯᠡᠵᠦ᠂ ᠲᠡᠷᠡ ᠲᠤᠳᠤᠷ ᠠ ᠡᠴᠡ ᠪᠠᠭᠠᠲᠤᠷ ᠤᠨ ᠲᠤᠤᠯᠢ᠂ ᠪᠢᠴᠢᠭ ᠤᠨ ᠵᠤᠬᠢᠶᠠᠯ ᠡᠴᠡ ᠭᠠᠷᠤᠯᠲᠠᠢ ᠦᠯᠢᠭᠡᠷ ᠢ ᠨᠢ ᠲᠤᠰᠬᠠᠢᠯᠠᠨ ᠠᠪᠴᠤ ᠰᠣᠳᠤᠯᠵᠠᠢ᠃ ᠬᠠᠷᠭᠠᠨ᠎ᠠ᠂ ᠴᠡᠴᠡᠭ ᠨᠠᠰᠤᠲᠠᠨ ᠪᠤᠯ ᠮᠣᠩᠭᠤᠯᠴᠤᠳ ᠤᠨ ᠲᠤᠮᠲᠠ ᠠᠮᠠ ᠪᠡᠷ ᠪᠠ ᠪᠢᠴᠢᠭ ᠢᠢᠡᠷ ᠤᠯᠠᠮᠵᠢᠯᠠᠭᠳᠠᠵᠦ ᠢᠷᠡᠭᠰᠡᠨ ᠤᠯᠠᠨ ᠲᠦᠷᠦᠯ ᠵᠦᠢᠯ ᠤᠨ ᠦᠯᠢᠭᠡᠷ ᠲᠤᠤᠯᠢ ᠵᠢ ᠦᠪᠡᠷ ᠤᠨ ᠭᠡᠰᠡᠨ ᠦᠪᠡᠷᠮᠢᠴᠷ ᠬᠡᠪ ᠨᠠᠮᠪᠠ ᠲᠠᠢ ᠬᠠᠢᠯᠠᠵᠤ ᠬᠡᠯᠡᠵᠦ᠂ ᠬᠤᠢᠴᠢ ᠦᠶ ᠡ ᠳ᠋ᠡᠭᠡᠨ ᠦᠯᠡᠳᠡᠭᠡᠵᠦ ᠦᠭᠭᠦᠭᠰᠡᠨ ᠦᠯᠢᠭᠡᠷᠴᠢ ᠪᠤᠯᠤᠨ᠎ᠠ᠃ ᠬᠠᠷᠭᠠᠨ᠎ᠠ᠂ ᠴᠡᠴᠡᠭ ᠨᠠᠰᠤᠲᠠᠨ ᠤ ᠬᠡᠯᠡᠭᠰᠡᠨ ᠦᠯᠢᠭᠡᠷ ᠲᠤᠤᠯᠢ ᠨᠢ ᠪᠠᠷᠭᠤ ᠮᠣᠩᠭᠤᠯ ᠤᠨ ᠠᠮᠠᠨ ᠵᠤᠬᠢᠶᠠᠯ ᠤᠨ ᠨᠤᠲᠤᠭ ᠤᠨ ᠤᠨᠴᠠᠯᠢᠭ ᠢ ᠰᠣᠳᠤᠯᠬᠤ ᠪᠠᠶᠠᠯᠢᠭ ᠪᠤᠯᠬᠤ ᠪᠡᠷ ᠪᠠᠷᠠᠬᠤ ᠦᠭᠡᠢ᠂ ᠪᠦᠬᠦ ᠮᠣᠩᠭᠤᠯ ᠠᠮᠠᠨ ᠵᠤᠬᠢᠶᠠᠯ ᠤᠨ ᠰᠣᠳᠤᠯᠤᠯ ᠳ᠋ᠤ ᠤᠨᠴᠠᠭᠠᠢᠯᠠᠨ ᠲᠡᠯᠬᠡᠢ ᠨᠡᠢᠲᠡ ᠳ᠋ᠤ ᠲᠦᠭᠡᠮᠡᠯ ᠲᠡᠯᠭᠡᠷᠡᠭᠰᠡᠨ ᠮᠣᠩᠭᠤᠯ ᠦᠯᠢᠭᠡᠷ ᠤᠨ ᠪᠦᠲᠦᠴᠡ ᠬᠡᠪ ᠰᠢᠨᠵᠢ ᠪᠠ ᠦᠨᠳᠦᠰᠦᠲᠡᠨ ᠤ ᠤᠨᠴᠠᠯᠢᠭ ᠰᠢᠨᠵᠢ ᠵᠢ ᠰᠢᠨᠵᠢᠯᠡᠨ ᠰᠣᠳᠤᠯᠬᠤ ᠡᠷᠬᠢᠮ ᠨᠠᠨᠳᠢᠨ ᠰᠢᠨᠵᠢᠯᠡᠭᠡᠨ ᠤ ᠦᠯᠢᠭᠡᠷ ᠮᠠᠲ᠋ᠡᠷᠢᠶᠠᠯ ᠪᠤᠯᠤᠨ᠎ᠠ᠃ |
原文 |
没有原文
|
出自 |
西北民族大学学报
2011年
第1期
|