论文信息


题名 ᠮᠣᠩᠭᠤᠯ ᠦᠨᠳᠦᠰᠦᠲᠡᠨ ᠦ ᠴᠢᠳᠠᠪᠤᠷᠢᠲᠠᠳ ᠤᠨ ᠭᠠᠵᠠᠷ ᠣᠷᠤᠨᠴᠢ ᠲᠠᠷᠬᠠᠯᠲᠠ ᠶᠢᠨ ᠣᠨᠴᠠᠯᠢᠭ — ᠦᠪᠦᠷ ᠮᠣᠩᠭᠤᠯ ᠳᠠᠬᠢ ᠳᠡᠭᠡᠳᠦ ᠰᠤᠷᠭᠠᠭᠤᠯᠢ ᠶᠢᠨ ᠳᠡᠳ᠋ ᠫᠷᠤᠹᠧᠰᠰᠤᠷ ᠠᠴᠠ ᠳᠡᠭᠡᠭᠰᠢ ᠴᠤᠯᠠ ᠲᠠᠢ ᠪᠠᠭᠰᠢ ᠪᠠᠷ ᠵᠢᠱᠢᠶᠡᠯᠡᠬᠦ ᠨᠢ
作者 ᠨᠠᠮᠢᠰ; ᠣᠳᠤᠨ; ᠠᠯᠲᠠᠨᠲᠤᠶᠠᠭ᠎ᠠ
关键词 ᠮᠣᠩᠭᠤᠯ ᠦᠨᠳᠦᠰᠦᠲᠡᠨ ᠦ ᠴᠢᠳᠠᠪᠤᠷᠢᠲᠠᠳ; ᠭᠠᠵᠠᠷ ᠣᠷᠤᠨᠴᠢ ᠲᠠᠷᠬᠠᠯᠲᠠ; ᠦᠪᠦᠷ ᠮᠣᠩᠭᠤᠯ
摘要 ᠦᠪᠦᠷ ᠮᠣᠩᠭᠤᠯ ᠤᠨ ᠮᠣᠩᠭᠤᠯ ᠦᠨᠳᠦᠰᠦᠲᠡᠨ ᠦ ᠴᠢᠳᠠᠪᠤᠷᠢᠲᠠᠳ ᠤᠨ ᠭᠠᠵᠠᠷ ᠣᠷᠤᠨᠴᠢ ᠲᠠᠷᠬᠠᠯᠲᠠ ᠶᠢᠨ ᠶᠡᠷᠦᠩᠬᠡᠢ ᠣᠨᠴᠠᠯᠢᠭ ᠨᠢ᠄ (1) ᠡᠯ᠎ᠡ ᠠᠢᠮᠠᠭ ᠬᠤᠲᠠ ᠳᠤ ᠲᠠᠷᠬᠠᠵᠤ ᠪᠠᠢᠭ᠎ᠠ ᠴᠢᠳᠠᠪᠤᠷᠢᠲᠠᠳ ᠤᠨ ᠲᠤᠭ᠎ᠠ ᠨᠢ ᠲᠤᠰ ᠣᠷᠤᠨ ᠳᠤ ᠰᠠᠭᠤᠷᠢᠰᠢᠵᠤ ᠪᠠᠢᠭ᠎ᠠ ᠮᠣᠩᠭᠤᠯ ᠦᠨᠳᠦᠰᠦᠲᠡᠨ ᠦ ᠬᠦᠮᠦᠨ ᠠᠮᠠ ᠶᠢᠨ ᠣᠯᠠᠨ ᠴᠦᠬᠡᠨ ᠲᠡᠢ ᠦᠨᠳᠦᠰᠦᠨ ᠳᠡᠭᠡᠨ ᠨᠢᠭᠡᠲᠦᠯᠲᠡᠢ ᠪᠠᠢᠨ᠎ᠠ᠃ (2) ᠴᠢᠨᠠᠷ ᠤᠨ ᠢᠯᠭᠠᠯ ᠤᠨ ᠵᠦᠷᠢᠶ᠎ᠡ ᠢᠯᠡᠷᠬᠡᠢ᠃ ᠡᠮᠡᠭᠲᠡᠢ ᠴᠢᠳᠠᠪᠤᠷᠢᠲᠠᠨ ᠨᠢ ᠡᠷᠡᠭᠲᠡᠢ ᠴᠢᠳᠠᠪᠤᠷᠢᠲᠠᠨ ᠤ 1/3 ᠣᠷᠴᠢᠮ ᠢ ᠯᠠ ᠡᠵᠡᠯᠡᠨ᠎ᠡ᠃ (3)᠎ ᠨᠠᠰᠤᠵᠢᠭᠰᠠᠨ ᠦᠵᠡᠭᠳᠡᠯ ᠬᠦᠨᠳᠦ ᠨᠤᠴᠢᠲᠠᠢ᠃ ᠪᠦᠷᠢᠳᠭᠡᠯ ᠢ ᠦᠨᠳᠦᠰᠦᠯᠡᠪᠡᠯ᠂ ᠮᠠᠨ ᠤ ᠣᠷᠤᠨ ᠤ ᠴᠢᠳᠠᠪᠤᠷᠢᠲᠠᠳ ᠤᠨ 2/3 ᠨᠢ ᠪᠦᠷ 50 ᠨᠠᠰᠤᠨ ᠠᠴᠠ ᠳᠡᠭᠡᠭᠰᠢ ᠬᠦᠮᠦᠰ ᠪᠤᠯᠤᠨ᠎ᠠ᠃ (4) ᠰᠢᠨᠵᠢᠯᠡᠬᠦ ᠤᠬᠠᠭᠠᠨ ᠤ ᠬᠤᠰᠢᠭᠤᠴᠢ ᠲᠤᠢᠯ ᠤᠨ ᠴᠦᠬᠡᠨ᠂ ᠪᠦᠬᠦ ᠣᠷᠤᠨ ᠳᠤ 1/4 ᠣᠷᠴᠢᠮ ᠪᠠᠢᠳᠠᠭ᠃ (5) ᠴᠢᠳᠠᠪᠤᠷᠢᠲᠠᠳ ᠤᠨ ᠤᠭ ᠨᠤᠲᠤᠭ ᠤᠨ ᠲᠠᠷᠬᠠᠯᠲᠠ ᠨᠢ᠄ ᠵᠡᠭᠦᠨ ᠬᠡᠰᠡᠭ ᠦᠨ ᠣᠷᠤᠨ ᠳᠤ ᠨᠢᠭᠲᠠ ᠲᠦᠪᠯᠡᠷᠡᠵᠦ᠂ ᠳᠤᠮᠳᠠ ᠬᠡᠰᠡᠭ ᠦᠨ ᠣᠷᠤᠨ ᠪᠠ ᠪᠠᠷᠠᠭᠤᠨ ᠬᠡᠰᠡᠭ ᠦᠨ ᠣᠷᠤᠨ ᠳᠤ ᠨᠡᠯᠢᠶᠡᠳ ᠰᠡᠢᠷᠡᠭ ᠪᠠᠢᠳᠠᠭ᠃ ᠭᠡᠪᠡᠴᠦ᠂ ᠠᠵᠢᠯᠯᠠᠵᠤ ᠪᠠᠢᠭ᠎ᠠ ᠭᠠᠵᠷ ᠣᠷᠤᠨ ᠤ ᠲᠠᠷᠬᠠᠯᠲᠠ ᠨᠢ᠄ ᠬᠦᠬᠡᠬᠤᠲᠠ ᠲᠤ ᠨᠢᠭᠲᠠ ᠲᠦᠪᠯᠡᠷᠡᠵᠦ᠂ ᠵᠡᠭᠦᠨ ᠬᠡᠰᠡᠭ ᠦᠨ ᠣᠷᠤᠨ ᠪᠠ ᠪᠠᠷᠠᠭᠤᠨ ᠬᠡᠰᠡᠭ ᠦᠨ ᠣᠷᠤᠨ ᠳᠤ ᠨᠡᠯᠢᠶᠡᠳ ᠰᠡᠢᠷᠡᠭ ᠪᠠᠢᠳᠠᠭ᠃
原文 没有原文
出自 内蒙古师范大学学报(自然科学蒙古文版) 2012年 第3期

联系我们


内蒙古大学图书馆
呼和浩特市大学西路235号
中国·内蒙古
P: (0471) 4992561
E: huangfeilong@imu.edu.cn