论文信息


题名 ᠪᠤᠳᠠᠷᠬᠠᠢ ᠲᠤᠭᠠᠨ ᠤ ᠵᠢᠭᠠᠨ ᠰᠤᠷᠭᠠᠯᠲᠠ ᠳᠤ ᠤᠮᠳᠤᠭᠠᠢᠯᠠᠵᠤ ᠪᠤᠯᠤᠰᠢ ᠦᠭᠡᠢ ᠵᠦᠢᠯᠡᠰ
作者 ᠴᠢᠮᠡᠭ; ᠨᠠᠷᠠᠨᠭᠡᠷᠡᠯ
关键词 ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠲᠠ; ᠪᠤᠳᠠᠷᠬᠠᠢ ᠲᠤᠭᠠᠨ ᠤ ᠲᠦᠷᠦᠯ ᠵᠤᠢᠯ
摘要 ᠪᠤᠳᠠᠷᠬᠠᠢ ᠲᠤᠭᠠᠨ ᠤ ᠵᠢᠭᠠᠨ ᠰᠤᠷᠭᠠᠯᠲᠠ ᠨᠢ ᠡᠯ᠎ᠡ ᠤᠯᠤᠰ ᠤᠨ ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠲᠠ ᠶᠢᠨ ᠴᠢᠬᠤᠯᠠ ᠠᠭᠤᠯ᠎ᠠ ᠪᠦᠭᠡᠳ ᠬᠦᠴᠢᠷᠳᠡᠯᠭᠡ ᠪᠤᠯᠬᠤ ᠶᠤᠮ᠃ ᠲᠤᠰ ᠦᠭᠦᠯᠡᠯ ᠳᠦ ᠪᠤᠳᠠᠷᠬᠠᠢ ᠲᠤᠭᠠᠨ ᠤ ᠲᠡᠦᠬᠡᠨ ᠢᠷᠡᠯᠲᠡ᠂ ᠪᠤᠳᠠᠷᠬᠠᠢ ᠶᠢᠨ ᠣᠨᠣᠯ ᠪᠠ ᠬᠡᠷᠡᠭᠴᠡᠭᠡ ᠳᠦ ᠰᠠᠭᠤᠷᠢᠯᠠᠨ᠂ ᠨᠢᠭᠡᠨ ᠲᠤᠬᠢᠷᠠᠭᠰᠠᠨ ᠪᠤᠳᠠᠷᠬᠠᠢ ᠶᠢ ᠨᠢᠭᠡᠴᠢ ᠪᠤᠳᠠᠷᠬᠠᠢ ᠶᠢᠨ ᠨᠡᠢᠯᠡᠪᠤᠷᠢ ᠪᠡᠷ ᠢᠯᠡᠷᠬᠡᠶᠢᠯᠡᠬᠦ ᠵᠢᠭᠠᠨ ᠰᠤᠷᠭᠠᠯᠲᠠ ᠶᠢᠨ ᠠᠷᠭ᠎ᠠ ᠶᠢ ᠦᠭᠦᠯᠡᠵᠡᠢ᠃ ᠪᠤᠳᠠᠷᠬᠠᠢ ᠲᠤᠭᠠᠨ ᠤ ᠢᠯᠡᠳᠭᠡᠬᠦ ᠠᠳᠠᠯᠢ ᠪᠤᠰᠤ ᠤᠳᠬ᠎ᠠ ᠴᠢᠨᠠᠷ ᠢ ᠨᠢ ᠦᠨᠳᠦᠰᠦᠯᠡᠨ᠂ ᠲᠡᠭᠦᠨ ᠢ ᠬᠤᠪᠢᠶᠠᠷᠢᠯᠠᠬᠤ ᠤᠳᠬ᠎ᠠ ᠪᠦᠬᠦᠢ ᠪᠤᠳᠠᠷᠬᠠᠢ ᠲᠤᠭ᠎ᠠ᠂ ᠬᠠᠷᠢᠴᠠᠯ ᠤᠨ ᠤᠳᠬ᠎ᠠ ᠪᠦᠬᠦᠢ ᠪᠤᠳᠠᠷᠬᠠᠢ ᠲᠤᠭ᠎ᠠ᠂ ᠪᠤᠳᠠᠲᠤ ᠨᠢᠭᠡᠴᠢ ᠪᠦᠬᠦᠢ ᠪᠤᠳᠠᠷᠬᠠᠢ ᠲᠤᠭ᠎ᠠ᠂ ᠨᠤᠭᠲᠠᠪᠤᠷᠢ ᠶᠢᠨ ᠤᠳᠬ᠎ᠠ ᠪᠦᠬᠦᠢ ᠪᠤᠳᠠᠷᠬᠠᠢ ᠲᠤᠭ᠎ᠠ ᠭᠡᠵᠦ ᠳᠦᠷᠪᠡᠨ ᠲᠦᠷᠦᠯ ᠢᠶᠡᠷ ᠬᠤᠪᠢᠶᠠᠵᠤ᠂ ᠪᠤᠳᠠᠲᠤ ᠵᠢᠭᠠᠨ ᠰᠤᠷᠭᠠᠯᠲᠠ ᠶᠢᠨ ᠵᠢᠱᠢᠶ᠎ᠡ ᠲᠡᠢ ᠤᠶᠠᠯᠳᠤᠭᠤᠯᠤᠨ ᠶᠠᠷᠢᠭᠰᠠᠨ ᠪᠠᠢᠨ᠎ᠠ᠃ ᠣᠳᠤᠬᠠᠨ ᠳᠤ ᠪᠤᠳᠠᠷᠬᠠᠢ ᠲᠤᠭ᠎ᠠ ᠶᠢ ᠲᠦᠷᠦᠯ ᠬᠤᠪᠢᠶᠠᠨ ᠵᠢᠭᠠᠬᠤ ᠠᠷᠭ᠎ᠠ ᠨᠢ ᠤᠯᠤᠰ ᠤᠨ ᠳᠤᠲᠤᠭᠠᠳᠤ ᠳᠤ ᠲᠤᠩ ᠴᠦᠬᠡᠨ ᠬᠠᠶᠠᠭᠳᠠᠨ᠎ᠠ᠃
原文 没有原文
出自 内蒙古师范大学学报(自然科学蒙古文版) 2011年 第3期

联系我们


内蒙古大学图书馆
呼和浩特市大学西路235号
中国·内蒙古
P: (0471) 4992561
E: huangfeilong@imu.edu.cn