摘要 |
ᠲᠦᠮᠡᠳ ᠭᠠᠯᠰᠠᠩ ᠤᠨ ᠮᠣᠩᠭᠤᠯᠴᠢᠯᠠᠭᠰᠠᠨ 《 ᠲᠦᠷᠪᠡᠨ ᠪᠢᠴᠢᠭ》 ᠲᠤ ᠮᠢᠩ ᠤᠯᠤᠰ ᠤᠨ ᠦᠶ ᠠ ᠶᠢᠨ 《 ᠬᠤᠸᠠ ᠢ ᠢ ᠢᠤᠢ》 ᠬᠢᠭᠡᠳ ᠴᠢᠩ ᠤᠯᠤᠰ ᠤᠨ ᠦᠶ ᠠ ᠶᠢᠨ 《 ᠮᠠᠨᠵᠤ ᠮᠣᠩᠭᠤᠯ ᠦᠭᠡᠨ ᠤ ᠲᠤᠯᠢ ᠪᠢᠴᠢᠭ》᠂ 《ᠲᠠᠪᠤᠨ ᠬᠡᠯᠡᠨ ᠤ ᠲᠤᠯᠢ ᠪᠢᠴᠢᠭ》 ᠵᠡᠷᠭᠡ ᠶᠢᠨ ᠲᠡᠮᠳᠡᠭᠯᠡᠯ ᠳ᠋ᠤ ᠤᠷᠤᠭᠰᠠᠨ ᠦᠭᠡᠢ ᠦᠪᠡᠷᠮᠢᠴᠡ ᠦᠭᠡ ᠤᠯᠠᠨ ᠪᠤᠢ᠃ ᠭᠦᠨ ᠳ᠋ᠤ《 ᠴᠢᠪᠬ ᠠ 》 ᠭᠡᠳᠡᠭ ᠦᠭᠡᠢ ᠨᠢ ᠡᠷᠲᠡᠨ ᠤ ᠨᠡᠭᠦᠳᠡᠯᠴᠢᠳ ᠤᠨ ᠬᠡᠷᠡᠭᠯᠡᠵᠦ ᠪᠠᠢᠭᠰᠠᠨ《ᠨᠣᠮᠤ 》 ᠡᠴᠡ ᠤᠯᠠᠷᠢᠵᠦ ᠡᠭᠦᠰᠦᠭᠰᠡᠨ ᠪᠤᠯ᠂《 ᠴᠠᠪᠬᠤᠷ》 ᠭᠡᠬᠦ ᠦᠭᠡ ᠨᠢ ᠨᠡᠭᠦᠳᠡᠯᠴᠢᠳ ᠤᠨ ᠡᠳ᠋ᠯᠡᠯ ᠬᠡᠷᠡᠭᠰᠡᠯ ᠲᠠᠢ ᠬᠤᠯᠪᠤᠭ᠎ᠠ ᠲᠠᠢ ᠴᠢᠪᠬ᠎ᠠ᠂ ᠴᠢᠪᠬᠠᠳᠠᠰᠤ ᠭᠡᠳᠡᠭ ᠵᠢᠩᠬᠢᠨᠢ ᠨᠡᠷ ᠠ ᠦᠭᠡ ᠡᠴᠡ ᠤᠯᠪᠠᠭᠠᠯᠠᠵᠤ ᠪᠤᠢ ᠪᠤᠯᠤᠭᠰᠠᠨ ᠬᠠᠷᠠᠴᠢᠨ ᠲᠦᠮᠡᠳ ᠤᠨ ᠠᠮᠠᠨ ᠠᠶᠠᠯᠭᠤᠨ ᠤ ᠦᠭᠡ ᠭᠡᠵᠦ ᠦᠵᠡᠵᠦ ᠪᠠᠢᠨ᠎ᠠ᠃ |