题名 |
ᠮᠢᠩᠭᠠᠳ ᠡᠷᠳᠡᠮᠲᠦ ᠶᠢᠨ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠬᠡᠮᠡᠬᠦ ᠲᠡᠭᠦᠪᠦᠷᠢ ᠵᠤᠬᠢᠶᠠᠯ ᠤᠨ ᠲᠤᠬᠠᠢ |
作者 |
ᠪᠤᠷᠵᠢᠬᠢᠨ ᠴᠢᠯᠠᠭᠤ |
关键词 |
ᠮᠢᠩᠭᠠᠳ ᠡᠷᠳᠡᠮᠲᠦ; 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》; ᠦᠨ᠎ᠡ ᠴᠠᠨ᠎ᠠ |
摘要 |
ᠡᠷᠳᠡᠮᠲᠡᠨ ᠵᠤᠬᠢᠶᠠᠯᠴᠢ ᠮᠢᠩᠭᠠᠳ ᠡᠷᠳᠡᠮᠲᠦ ᠶᠢᠨ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠬᠡᠮᠡᠬᠦ ᠲᠡᠭᠦᠪᠦᠷᠢ ᠵᠤᠬᠢᠶᠠᠯ ᠳᠤ ᠣᠷᠤᠭᠰᠠᠨ ᠳᠦᠷᠪᠡᠨ ᠨᠠᠢᠷᠠᠭᠤᠯᠤᠯ ᠢ ᠶᠡᠷᠦᠩᠬᠡᠢ ᠳᠦ ᠨᠢ ᠠᠵᠢᠭᠯᠠᠬᠤ ᠳᠤ᠂ ᠪᠢᠴᠢᠯᠭᠡ ᠶᠢᠨ ᠠᠷᠭ᠎ᠠ ᠶᠢᠨ ᠬᠤᠪᠢ ᠳᠤ ᠬᠡᠭᠡᠷ᠎ᠡ ᠶᠢᠨ ᠰᠢᠨᠵᠢᠯᠡᠭᠡᠨ ᠦ ᠲᠡᠮᠳᠡᠭᠯᠡᠯ ᠳᠦ ᠤᠷᠠᠨ ᠵᠤᠬᠢᠶᠠᠯ ᠤᠨ ᠠᠷᠭ᠎ᠠ ᠶᠢ ᠵᠢᠭᠡᠯᠡᠵᠦ ᠪᠢᠴᠢᠭᠰᠡᠨ ᠣᠨᠴᠠᠯᠢᠭ ᠲᠠᠢ ᠪᠦᠭᠡᠳ ᠲᠡᠭᠦᠪᠦᠷᠢ ᠵᠤᠬᠢᠶᠠᠯ ᠤᠨ ᠨᠡᠷ᠎ᠡ ᠪᠤᠯᠬᠤ 《ᠰᠠᠷᠠᠨ ᠤ ᠭᠡᠷᠡᠯ》 ᠭᠡᠳᠡᠭ ᠨᠢ ᠴᠦ ᠡᠷᠳᠡᠮ ᠰᠢᠨᠵᠢᠯᠡᠭᠡᠨ ᠦ ᠪᠡ ᠤᠷᠠᠨ ᠵᠤᠬᠢᠶᠠᠯ ᠤᠨ ᠬᠤᠶᠠᠳᠠᠮᠠᠯ ᠲᠠᠯ᠎ᠠ ᠠᠴᠠ ᠰᠡᠳᠬᠢᠵᠦ ᠪᠤᠯᠬᠤ ᠳᠠᠪᠬᠤᠷ ᠤᠳᠬ᠎ᠠ ᠲᠠᠢ ᠪᠠᠢᠨ᠎ᠠ᠃ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠨᠢ ᠤᠷᠠᠨ ᠵᠤᠬᠢᠶᠠᠯ ᠪᠠ ᠡᠷᠳᠡᠮ ᠰᠢᠨᠵᠢᠯᠡᠭᠡᠨ ᠦ ᠶᠡᠷᠦᠩᠬᠡᠶᠢᠯᠡᠭᠰᠡᠨ ᠰᠢᠨᠵᠢ ᠶᠢ ᠠᠭᠤᠯᠤᠭᠰᠠᠨ ᠲᠠᠯ᠎ᠠ ᠪᠠᠷ ᠢᠶᠠᠨ ᠮᠣᠩᠭᠤᠯ ᠤᠷᠠᠨ ᠵᠤᠬᠢᠶᠠᠯ ᠤᠨ ᠲᠡᠦᠬᠡᠨ ᠳᠦ ᠴᠦᠬᠡᠨ ᠵᠢᠱᠢᠶ᠎ᠡ ᠪᠤᠯᠬᠤ ᠪᠦᠭᠡᠳ ᠲᠡᠷᠡ ᠨᠢ ᠪ · ᠷᠢᠨᠴᠢᠨ ᠦ 《ᠪᠠᠷᠠᠭᠤᠨ ᠡᠲᠡᠭᠡᠳ ᠵᠤᠷᠴᠢᠭᠰᠠᠨ ᠲᠡᠮᠳᠡᠭᠯᠡᠯ》 ᠯᠦᠭᠡ ᠬᠠᠷᠢᠴᠠᠭᠤᠯᠤᠨ ᠦᠵᠡᠵᠦ ᠪᠤᠯᠬᠤ ᠦᠨ᠎ᠡ ᠦᠷᠲᠡᠭ ᠪᠦᠬᠦᠢ ᠨᠤᠮ ᠪᠤᠯᠤᠨ᠎ᠠ᠂ ᠲᠡᠷᠡᠴᠢᠯᠡᠨ ᠤᠭ ᠨᠤᠮ ᠳᠤ ᠲᠤᠭᠤᠰᠢ ᠨᠡᠪᠲᠡᠷᠡᠵᠦ ᠪᠠᠢᠭ᠎ᠠ ᠦᠵᠡᠯ ᠰᠠᠨᠠᠭ᠎ᠠ ᠨᠢ ᠰᠡᠭᠡᠭᠡᠲᠡᠨ ᠦ ᠬᠠᠷᠢᠴᠠᠭᠤᠯᠭ᠎ᠠ ᠪᠤᠯᠬᠤ ᠠᠵᠢ᠃ |
原文 |
没有原文
|
出自 |
蒙古学研究
2016年
第1期
|