摘要 |
ᠠᠮᠠᠨ ᠵᠤᠬᠢᠶᠠᠯ ᠤᠷᠠᠯᠢᠭ ᠰᠣᠳᠤᠯᠤ ᠨᠢ ᠡᠭᠦᠰᠦᠨ ᠪᠦᠷᠢᠯᠳᠦᠵᠦ ᠂ ᠬᠦᠭᠵᠢᠨ ᠴᠡᠴᠡᠭᠯᠡᠭᠡᠳ ᠦᠨᠦᠳᠦᠷ ᠨᠢᠭᠡᠨᠲᠡ ᠪᠡᠶ ᠠ ᠪᠠᠨ ᠲᠠᠭᠠᠭᠠᠰᠠᠨ ᠰᠢᠨᠵᠢᠯᠡᠭᠡᠡ ᠤ ᠰᠠᠯᠠᠭ᠎ᠠ ᠪᠤᠯᠤᠭᠰᠠᠨ ᠪᠠᠢᠨ᠎ᠠ. ᠦᠭᠦᠯᠡ ᠳ᠋ᠤ ᠠᠮᠠᠨ ᠵᠤᠬᠢᠶᠠᠯ ᠤᠷᠠᠯᠢᠭ ᠰᠢᠨᠵᠢᠯᠡᠯ ᠤᠨ ᠲᠡᠦᠭᠡᠨ ᠲᠤᠢᠮᠦ ᠵᠢ ᠲᠤᠪᠴᠢ ᠡᠷᠭᠢᠴᠡᠬᠦᠯᠵᠦ᠂ ᠮᠣᠩᠭᠤᠯᠠᠮᠠᠨ ᠵᠤᠬᠢᠶᠠᠯ ᠤᠷᠠᠯᠢᠭ ᠰᠢᠨᠵᠢᠯᠡᠯ ᠤᠨ ᠲᠠᠯ ᠠ ᠪᠡᠷ ᠬᠢ ᠡᠷᠳᠡᠮᠲᠡᠳ ᠤᠨ ᠰᠣᠳᠤᠯᠭᠠᠨ ᠤ ᠦᠷ ᠠ ᠪᠦᠲᠦᠭᠡᠯ ᠪᠤᠯᠤᠨ ᠦᠵᠡᠯᠲᠡ ᠲᠤᠷᠠᠳᠤᠯᠲᠠ ᠵᠢ ᠦᠨᠳᠦᠰᠦᠯᠡᠨ᠂ ᠲᠤᠯᠭᠠᠮᠳᠠᠭᠰᠠᠨ ᠠᠰᠠᠭᠤᠳᠠᠯ ᠢ ᠵᠠᠳᠠᠯᠤᠨ ᠰᠢᠨᠵᠢᠯᠡᠭᠰᠡᠨ ᠰᠠᠭᠤᠷᠢᠨ ᠳ᠋ᠤ ᠮᠣᠩᠭᠤᠯ ᠠᠮᠠᠨ ᠵᠤᠬᠢᠶᠠᠯ ᠤᠷᠠᠯᠢᠭ ᠰᠢᠨᠵᠢᠯᠡᠯ ᠢ ᠪᠦᠬᠦᠯᠢ ᠴᠣᠭᠴᠠᠲᠤ ᠰᠣᠳᠤᠯᠤᠯ᠂ ᠰᠢᠰᠲ᠋ᠸᠮᠲᠤ ᠰᠣᠳᠤᠯᠤᠯ᠂ ᠪᠦᠷᠢᠨᠰᠢᠯᠲᠦ ᠰᠣᠳᠤᠯᠤᠯ᠂ ᠬᠡᠷᠡᠭᠯᠡᠭᠡᠨᠲᠦ ᠰᠣᠳᠤᠯᠤᠯ ᠪᠤᠯᠭᠠᠬᠤ ᠲᠠᠯ ᠠ ᠪᠡᠷ ᠰᠠᠨᠠᠭᠠᠴᠢᠯᠠᠭ᠎ᠠ ᠲᠤᠷᠠᠳᠤᠭᠰᠠᠨ ᠪᠠᠢᠨ᠎ᠠ᠃ |