摘要 |
《 ᠰᠢᠷ ᠠ ᠲᠡᠦᠭᠡ》 ᠪᠤᠯ ᠤᠳᠤ ᠪᠤᠯᠳᠠᠯ ᠠ ᠵᠢᠩᠬᠢᠨᠢ ᠪᠡᠷ ᠬᠪᠯᠡᠭᠳᠡᠬᠡᠳᠦᠢ 17ᠳ᠋ᠤᠭᠠᠷ ᠵᠠᠭᠤᠨ ᠤ ᠲᠤᠤᠷ ᠠ ᠬᠠᠭᠠᠰ ᠪᠤᠶᠤ 18ᠳ᠋ᠤᠭᠠᠷ ᠵᠠᠭᠤᠨ ᠤ ᠡᠬᠢᠨ ᠤ ᠦᠶ ᠠ ᠪᠡᠷ ᠵᠤᠬᠢᠶᠠᠭᠳᠠᠭᠰᠠᠨ ᠮᠣᠨᠭᠤᠯ ᠲᠡᠦᠭᠡᠨ ᠰᠤᠷᠪᠤᠯᠵᠢ ᠪᠢᠴᠢᠭ ᠪᠠᠢᠵᠦ᠂ ᠲᠡᠭᠦᠨ ᠤ ᠲᠤᠬᠠᠢ ᠲᠤᠰᠬᠠᠢ ᠰᠣᠳᠤᠯᠤᠭᠰᠠᠨ ᠨᠣᠮ ᠦᠭᠦᠯᠡᠯ ᠭᠡᠬᠦ ᠪᠠᠷᠤᠭ ᠬᠠᠷᠠᠭᠳᠠᠭ᠎ᠠ ᠦᠭᠡᠢ᠃ ᠦᠭᠦᠯᠡᠯ ᠳ᠋ᠤ ᠵᠤᠬᠢᠶᠠᠭᠴᠢ ᠪᠡᠷ ᠦᠩᠭᠡᠷᠡᠭᠰᠠᠡᠨ ᠭᠡᠳᠦᠨ ᠵᠢᠯ ᠤᠨᠬᠢᠭᠰᠡᠨ ᠮᠣᠩᠭᠯᠤ ᠰᠤᠷᠪᠤᠯᠵᠢ ᠪᠢᠴᠢᠭ ᠲᠡᠬᠢ ᠬᠠᠰᠠᠷ ᠤᠨ ᠲᠤᠬᠠᠢ ᠰᠣᠳᠤᠯᠭᠠᠨ ᠤ ᠪᠠᠨ ᠰᠠᠭᠤᠷᠢᠨ ᠲᠡᠭᠡᠷ ᠠ 《 ᠰᠢᠷ ᠠ ᠲᠡᠦᠭᠡ》 ᠳ᠋ᠡᠬᠢ ᠬᠠᠪᠤᠲᠤ ᠬᠠᠰᠠᠷ ᠤᠨ ᠲᠤᠬᠠᠢ ᠲᠡᠮᠳᠡᠭᠯᠡᠯ ᠤᠳ ᠢ ᠮᠣᠩᠭᠤᠯ ᠪᠤᠰᠤᠳ ᠲᠡᠦᠭᠡᠨ ᠰᠤᠷᠪᠤᠯᠵᠢ ᠪᠢᠴᠢᠭ ᠤᠳ ᠲᠡᠬᠢ ᠬᠠᠮᠢᠶ ᠠ ᠪᠦᠬᠦᠢ ᠲᠡᠮᠳᠡᠭᠯᠡᠯ ᠤᠳ ᠲᠠᠢ ᠲᠤᠯᠭᠠᠨ ᠬᠠᠷᠢᠴᠠᠭᠤᠯᠬᠤ ᠵᠡᠷᠭᠡ ᠪᠡᠷ ᠲᠠᠮᠵᠢᠨ ᠲᠤᠰ ᠲᠤᠭᠤᠷᠪᠢᠯ ᠤᠨ ᠣᠨᠴᠠᠯᠢᠭ ᠢ ᠲᠤᠳᠤᠯᠠᠬᠤ ᠬᠡᠮᠡᠨ ᠬᠢᠴᠢᠶᠡᠪᠡ᠃ |