题名 |
ᠲᠤᠮᠳᠠᠳᠤ ᠤᠯᠤᠰ ᠤᠨ ᠠᠷᠠᠳ ᠤᠨ ᠤᠷᠠᠨ ᠵᠢᠷᠤᠭ ᠬᠢᠭᠡᠳ ᠦᠩᠭᠡ ᠪᠤᠳᠤᠭ ᠤᠨ ᠣᠨᠴᠠᠯᠢᠭ ᠤᠨ ᠲᠤᠬᠠᠢ ᠦᠭᠦᠯᠡᠬᠦ ᠨᠢ |
作者 |
ᠪᠠᠢᠭᠠᠯᠢ |
关键词 |
ᠠᠷᠠᠳ ᠤᠨ ᠤᠷᠠᠨ ᠵᠢᠷᠤᠭ; ᠦᠩᠭᠡ ᠪᠤᠳᠤᠭ; ᠤᠨᠴᠠᠯᠢᠭ |
摘要 |
ᠲᠤᠮᠳᠠᠳᠤ ᠤᠯᠤᠰ ᠤᠨ ᠤᠷᠠᠨ ᠵᠢᠷᠤᠭ ᠨᠢ ᠭᠡᠷᠡᠯ ᠰᠠᠴᠤᠷᠠᠩᠭᠤᠢ᠂ ᠦᠨᠢ ᠤᠳᠠᠭᠠᠨ ᠲᠡᠦᠭᠡ ᠲᠠᠢ ᠮᠦᠷᠲᠭᠡᠭᠡᠨ ᠯᠢᠷ ᠲᠤᠳᠤ ᠦᠨᠳᠦᠰᠦᠲᠡᠨ ᠤ ᠪᠠ ᠤᠷᠤᠨ ᠨᠤᠲᠤᠭ ᠤᠨ ᠤᠷᠠᠯᠢᠭ ᠤᠨ ᠤᠨᠴᠠᠯᠢᠭ ᠲᠠᠢ ᠶᠣᠮ᠃ ᠲᠡᠷᠡ ᠨᠢ ᠠᠷᠠᠳ ᠤᠨ ᠬᠡᠪ ᠵᠠᠩᠰᠢᠯ ᠲᠠᠢ ᠲᠦᠢᠯ ᠤᠨ ᠨᠢᠭᠲᠠ ᠬᠠᠷᠢᠴᠠᠭ᠎ᠠ ᠲᠠᠢ᠂ ᠨᠡᠢᠭᠡᠮ ᠰᠣᠶᠣᠯ ᠤᠨ ᠦᠨᠴᠦᠭ ᠪᠤᠯᠤᠩ ᠢ ᠬᠦᠲᠡᠯ ᠠ ᠬᠠᠮᠤᠷᠤᠭᠰᠠᠨ ᠪᠠᠢᠳᠠᠭ᠃ᠬᠦᠮᠦᠨ ᠲᠦᠷᠦᠯᠬᠢᠲᠠᠨ ᠤ ᠤᠷᠤᠰᠢᠨ ᠲᠤᠭᠲᠠᠨᠢᠬᠤ ᠤᠷᠴᠢᠨ ᠲᠤᠭᠤᠷᠢᠨ ᠬᠢᠭᠡᠳ ᠦᠨᠳᠦᠰᠦᠲᠡᠨ ᠶᠠᠰᠤᠲᠠᠨ ᠤ ᠭᠸᠨ ᠤ ᠤᠯᠠᠮᠵᠢᠯᠠᠯ᠂ ᠠᠵᠤ ᠠᠬᠤᠢ ᠬᠢᠭᠡᠳ ᠨᠡᠢᠭᠡᠮ ᠤᠨ ᠪᠦᠲᠦᠴᠡ ᠶᠢᠨᠵᠦᠷᠢᠶ ᠠ ᠵᠢᠴᠢ ᠤᠷᠲᠤ ᠬᠤᠭᠤᠴᠠᠭᠠᠨ ᠤ ᠲᠡᠦᠭᠡᠨ ᠬᠦᠭᠵᠢᠯᠲᠡ ᠶᠢᠨ ᠶᠠᠪᠤᠴᠠ ᠳ᠋ᠤ ᠪᠦᠷᠢᠯᠳᠦᠨ ᠲᠤᠭᠲᠠᠪᠤᠷᠢᠵᠢᠭᠰᠡᠨ ᠰᠣᠶᠣᠯ ᠰᠡᠳᠬᠢᠴᠡ ᠶᠢᠨ ᠨᠦᠯᠦᠭᠡ ᠡᠴᠡ ᠪᠤᠯᠵᠤ ᠠᠳᠠᠯᠢ ᠪᠤᠰᠤ ᠶᠢᠨ ᠦᠨᠳᠦᠰᠦᠲᠡᠨ ᠤ ᠦᠩᠭᠡ ᠪᠤᠲᠤᠭ ᠤᠨ ᠲᠠᠨᠢᠯᠲᠠ ᠤᠬᠠᠮᠰᠠᠷ ᠪᠠ ᠬᠡᠯᠪᠡᠷᠢ ᠵᠠᠭᠪᠤᠷᠢ ᠪᠤᠢ ᠪᠤᠯᠵᠠᠢ᠃ ᠡᠨᠡ ᠬᠦ ᠶᠠᠪᠤᠴᠠ ᠳ᠋ᠤ ᠲᠤᠮᠳᠠᠳᠤ ᠤᠯᠤᠰ ᠤᠨ ᠠᠷᠠᠳ ᠤᠨ ᠤᠷᠠᠨ ᠵᠢᠷᠤᠭ ᠨᠢ ᠦᠩᠭᠡ ᠪᠤᠳᠤᠭ ᠤᠨ ᠰᠣᠶᠣᠯ ᠤᠨ ᠪᠠᠶᠠᠯᠢᠭ ᠲᠤᠷᠰᠢᠯᠭ᠎ᠠ ᠵᠢ ᠬᠤᠷᠠᠮᠳᠤᠭᠤᠯᠤᠨ᠂ ᠦᠪᠡᠷ ᠤᠨ ᠭᠡᠰᠡᠨ ᠢᠯᠡᠷᠭᠡᠢ ᠦᠨᠳᠦᠰᠦᠲᠡᠨ ᠤ ᠣᠨᠴᠠᠯᠢᠭ ᠢ ᠪᠦᠷᠢᠯᠳᠦᠭᠦᠯᠦᠭᠰᠡᠨ ᠶᠣᠮ᠃ |
原文 |
查看原文
|
出自 |
赤峰学院学报(蒙文哲学社会科学版)
2020年
第6期
|