题名 |
ᠳ • ᠨᠠᠮᠳᠠᠭ ᠤᠨ《ᠦᠷ᠎ᠡ ᠲᠠᠷᠢᠶ᠎ᠠ》ᠭᠡᠬᠦ ᠠᠳᠠᠯᠢ ᠭᠠᠷᠴᠠᠭ ᠲᠠᠢ ᠵᠦᠴᠦᠭᠡ᠂ ᠲᠤᠭᠤᠵᠢ ᠶᠢᠨ ᠺᠤᠷᠫᠥ᠋ᠰ ᠵᠠᠳᠠᠯᠤᠯᠳᠠ ᠪᠠ ᠬᠠᠷᠢᠴᠠᠭᠤᠯᠤᠯᠭᠰᠠᠨ ᠰᠤᠳᠤᠯᠤᠯ |
作者 |
ᠸᠠᠩ ᠢᠦᠢ ᠯᠦᠩ |
关键词 |
ᠳ • ᠨᠠᠮᠳᠠᠭ; 《ᠦᠷ᠎ᠡ ᠲᠠᠷᠢᠶ᠎ᠠ》; ᠺᠤᠷᠫᠦ᠋ᠰ ᠵᠠᠳᠠᠯᠤᠯᠳᠠ |
摘要 |
ᠲᠤᠰ ᠦᠭᠦᠯᠡᠯ ᠳ • ᠨᠠᠮᠳᠠᠭ ᠤᠨ《ᠦᠷ᠎ᠡ ᠲᠠᠷᠢᠶ᠎ᠠ》ᠭᠡᠬᠦ ᠠᠳᠠᠯᠢ ᠭᠠᠷᠴᠠᠭ ᠲᠠᠢ ᠲᠤᠭᠤᠵᠢ᠂ ᠵᠦᠴᠦᠭᠡ ᠬᠤᠶᠠᠷ ᠢ ᠺᠤᠷᠫᠦ᠋ᠰ ᠵᠠᠳᠠᠯᠤᠯᠳᠠ ᠶᠢᠨ ᠠᠷᠭ᠎ᠠ ᠳᠤ ᠲᠦᠰᠢᠭᠯᠡᠨ ᠨᠠᠷᠢᠪᠴᠢᠯᠠᠨ ᠵᠠᠳᠠᠯᠵᠤ᠂ ᠲᠡᠭᠦᠨ ᠤ ᠨᠢᠭᠡ ᠰᠡᠳᠦᠪ ᠢ ᠬᠤᠶᠠᠷ ᠤᠨᠳᠤᠤ ᠲᠦᠷᠦᠯ ᠮᠠᠶᠢᠭ ᠶᠢᠡᠷ ᠪᠢᠴᠢᠵᠦ ᠪᠠᠢ᠌ᠭᠰᠠᠨ ᠲᠤᠷᠰᠢᠯᠭ᠎ᠠ ᠶᠢ ᠨᠢ ᠬᠤᠷᠢᠶᠠᠩᠭ᠋ᠤᠢ᠌ᠯᠠᠬᠤ ᠪᠡᠷ ᠴᠢᠷᠮᠠᠢ᠌ᠵᠤ᠂ ᠵᠦᠴᠦᠭᠡ ᠨᠢ ᠴᠡᠭᠴᠡᠳᠡᠢ᠂ ᠪᠤᠯᠪᠠᠰᠤᠷᠠᠩᠭ᠋ᠤᠢ᠂ ᠭᠦᠨ ᠤᠳᠬ᠎ᠠ ᠠᠭᠤᠯᠭ᠎ᠠ ᠲᠠᠢ ᠪᠦᠭᠡᠳ ᠲᠡᠭᠦᠨ ᠤ ᠤᠴᠢᠷ ᠰᠢᠯᠳᠠᠭᠠᠨ᠂ ᠦᠭᠡ ᠶᠠᠷᠢᠶᠠᠨ ᠤ ᠲᠦᠯᠦᠭᠡᠯᠡᠯ᠂ ᠲᠦᠷᠢ ᠶᠢᠨ ᠲᠡᠦᠬᠡ ᠵᠡᠷᠭᠡ ᠲᠠᠯᠳᠠ ᠮᠡᠳᠦ ᠶᠠᠪᠤᠳᠠᠭ ᠵᠦᠢᠯᠡᠰ ᠢ ᠲᠤᠭᠤᠵᠢ ᠳᠤ ᠲᠡᠯᠭᠡᠷᠡᠬᠦᠯᠵᠦ ᠦᠵᠡᠭᠦᠯᠦᠭᠰᠡᠨ; ᠵᠦᠴᠦᠭᠡ ᠶᠢᠨ ᠶᠠᠷᠢᠯᠴᠠᠭ᠎ᠠ ᠨᠢ ᠤᠬᠤᠷ ᠠᠪᠰᠠᠷᠬᠠᠨ᠂ ᠬᠤᠷᠴᠠ ᠤᠨᠤᠪᠴᠢᠳᠠᠢ᠂ ᠲᠤᠭᠤᠵᠢ ᠶᠢᠨ ᠦᠭᠦᠯᠡᠪᠦᠷᠢ ᠨᠢ ᠬᠠᠷᠢᠨ ᠤᠷᠳᠤ ᠪᠠᠢ᠌ᠵᠤ ᠂ ᠶᠠᠭᠤᠮ᠎ᠠ ᠦᠵᠡᠭᠳᠡᠯ ᠤᠨ ᠪᠠᠢ᠌ᠳᠠᠯ ᠢ ᠲᠡᠯᠭᠡᠨ ᠲᠤᠭᠠᠴᠢᠵᠤ ᠪᠤᠯᠳᠠᠭ ᠤᠨᠴᠠᠯᠢᠭ ᠨᠢ ᠲᠤᠳᠤ ᠢᠯᠡᠷᠡᠵᠦ ᠪᠤᠢ; ᠲᠤᠭᠤᠵᠢ ᠳᠤ᠂ ᠭᠤᠤᠯᠳᠠᠭᠤ ᠶᠠᠷᠢᠯᠴᠠᠭ᠎ᠠ ᠡᠴᠡ ᠭᠠᠳᠠᠨ᠎ᠠ ᠵᠤᠬᠢᠶᠠᠯ ᠤᠨ ᠪᠠᠭᠠᠳᠤᠷ ᠤᠨ ᠲᠤᠳᠤᠭᠠᠳᠤ ᠰᠡᠳᠭᠢᠯᠭᠡ ᠶᠢ ᠵᠢᠷᠤᠭᠯᠠᠬᠤ ᠳᠤ ᠬᠦᠴᠦ ᠲᠠᠯᠪᠢᠭᠰᠠᠨ ᠭᠡᠳᠡᠭ ᠳ᠋ᠦᠩᠨᠡᠯᠳᠡ ᠳᠤ ᠬᠦᠷᠪᠡ᠃ |
原文 |
查看原文
|
出自 |
内蒙古民族大学学报(社会科学)
2015年
第2期
|