题名 |
ᠮᠠᠨᠵᠤ ᠮᠣᠩᠭᠤᠯ ᠬᠡᠯᠡᠨ ᠤ ᠲᠠᠭᠤ ᠴᠢᠮᠡᠭᠡ ᠵᠢ ᠲᠦᠷᠰᠦᠯᠡᠬᠦ ᠦᠭᠡ ᠶᠢᠨ ᠬᠠᠷᠢᠴᠠᠭᠤᠯᠤᠭᠰᠠᠨ ᠰᠣᠳᠤᠯᠤᠯ |
作者 |
ᠰᠢᠶᠤᠤ ᠴᠦᠨ |
关键词 |
ᠲᠦᠷᠰᠦᠯᠡᠬᠦ ᠦᠭᠡ; ᠮᠠᠵᠤ ᠬᠡᠯᠡ; ᠮᠣᠩᠭᠤᠯ ᠬᠡᠯᠡᠯ |
摘要 |
ᠲᠦᠷᠰᠦᠯᠡᠬᠦ ᠦᠭᠡ ᠭᠡᠳᠡᠭ ᠨᠢ ᠲᠠᠭᠤ ᠴᠢᠮᠡᠭᠡ ᠪᠤᠯᠤᠨ ᠬᠦᠳᠡᠯᠦᠯ ᠪᠠᠢᠳᠠᠯ ᠵᠡᠷᠭᠡ ᠵᠢ ᠲᠠᠭᠤᠷᠢᠶᠠᠵᠤ ᠲᠦᠷᠦᠰᠯᠡᠭᠰᠡᠨ ᠦᠭᠡ ᠪᠤᠯᠤᠨ᠎ᠠ᠃ ᠮᠠᠨᠵᠤ ᠮᠣᠩᠭᠤᠯ ᠬᠡᠯᠡᠨ ᠤ ᠲᠠᠭᠤ ᠴᠢᠮᠡᠭᠡ ᠵᠢ ᠲᠦᠷᠰᠦᠯᠡᠬᠦ ᠦᠭᠡᠨ ᠳ᠋ᠤ ᠬᠦᠮᠦᠨ᠂ ᠠᠳᠤᠭᠤᠰᠤ ᠠᠮᠢᠲᠠᠨ᠂ ᠪᠤᠳᠠᠰ ᠂ ᠪᠠᠢᠭᠠᠯᠢ ᠶᠢᠨ ᠦᠵᠡᠭᠳᠡᠯ ᠤᠨ ᠲᠠᠭᠤ ᠴᠢᠮᠡᠭᠡ ᠵᠢ ᠲᠦᠷᠰᠦᠯᠡᠬᠦ ᠦᠭᠡ ᠵᠡᠷᠭᠡ ᠪᠠᠭᠲᠠᠨ᠎ᠠ᠃ ᠮᠠᠨᠵᠤ ᠮᠣᠩᠭᠤᠯ ᠬᠡᠯᠡᠨ ᠤ ᠲᠠᠭᠤ ᠴᠢᠮᠡᠭᠡ ᠵᠢ ᠲᠦᠷᠰᠦᠯᠡᠬᠦ ᠦᠭᠡ ᠶᠢᠨ ᠦᠶ ᠠ ᠶᠢᠨ ᠪᠦᠲᠦᠴᠡ ᠨᠢ ᠪᠤᠳᠤᠯᠢᠶᠠᠨᠳᠡᠢ ᠪᠢᠰᠢ᠂ ᠲᠠᠩ ᠪᠤᠶᠤ ᠬᠤᠤᠰ ᠦᠶᠡᠲᠦ ᠲᠦᠷᠰᠦᠯᠡᠬᠦ ᠦᠭᠡ ᠤᠯᠠᠨ ᠲᠤᠭ᠎ᠠ ᠵᠢ ᠡᠵᠯᠡᠬᠦ ᠡᠴᠡ ᠭᠠᠳᠠᠨ᠎ᠠ᠂ ᠪᠠᠰᠠ ᠲᠦᠭᠡᠨ ᠲᠤᠭᠠᠨ ᠤ ᠭᠤᠷᠪᠠᠨ ᠦᠶ ᠠ ᠡᠴᠡ ᠪᠦᠲᠦᠭᠡᠰᠨ ᠦᠭᠡ ᠪᠠᠢᠳᠠᠭ᠃ ᠬᠡᠯᠡ ᠪᠤᠯ ᠲᠠᠭᠤᠨ ᠤᠳᠬ ᠠ ᠶᠢᠨ ᠠᠶᠠᠨᠳᠠᠭᠠᠨ ᠤ ᠲᠤᠬᠢᠷᠠᠯᠴᠠᠭ᠎ᠠ ᠪᠤᠯᠤᠨ᠎ᠠ᠃ ᠭᠡᠪᠡᠴᠦ ᠲᠦᠷᠦᠰᠯᠡᠬᠦ ᠦᠭᠡ ᠶᠢᠨᠠᠪᠢᠶ ᠠ ᠪᠤᠯᠤᠨ ᠲᠡᠭᠦᠨ ᠤ ᠢᠯᠡᠳᠭᠡᠬᠦ ᠤᠳᠬ ᠠ ᠶᠢᠨ ᠬᠤᠭᠤᠷᠤᠨᠲᠤ ᠵᠤᠬᠢᠬᠤ ᠲᠤᠳᠤᠭᠠᠲᠤ ᠬᠠᠷᠢᠴᠠᠭ᠎ᠠ ᠲᠠᠢ ᠶᠣᠮ᠃ ᠲᠦᠷᠰᠦᠯᠡᠬᠦ ᠦᠭᠡ ᠨᠢ ᠲᠤᠰ ᠬᠡᠯᠡᠨ0ᠤ ᠪᠦᠲᠦᠴᠡ ᠲᠤᠭᠲᠠᠯᠴᠠᠭ᠎ᠠ ᠶᠢᠨ ᠲᠦᠷᠢᠮ ᠳ᠋ᠤ ᠪᠠᠨ ᠵᠤᠬᠢᠴᠠᠨ ᠪᠦᠲᠦᠭᠰᠡᠨ ᠬᠡᠯᠡᠨ ᠤ ᠦᠭᠡᠰ ᠤᠨ ᠰᠠᠩ ᠤᠨ ᠪᠦᠷᠢᠯᠳᠦᠭᠦᠨ ᠬᠡᠰᠡᠭ ᠮᠦᠨ᠃ ᠡᠢᠮᠦ ᠡᠴᠡ ᠲᠦᠷᠦᠰᠯᠡᠬᠦ ᠦᠭᠡ ᠶᠢᠨ ᠠᠪᠢᠶ ᠠ ᠪᠤᠯᠤᠨ ᠪᠠᠢᠭᠠᠯᠢᠯᠢᠭ ᠲᠠᠭᠤ ᠴᠢᠮᠡᠭᠡ ᠲᠠᠢ ᠪᠦᠷᠢᠮᠦᠰᠦᠨ ᠠᠳᠠᠯᠢᠬᠠᠨ ᠪᠢᠰᠢ᠃ |
原文 |
查看原文
|
出自 |
赤峰学院学报(蒙文哲学社会科学版)
2021年
第4期
|