摘要 |
ᠨᠤᠲᠤᠭ ᠨᠤᠭᠤᠲ ᠤᠨ ᠮᠠᠯᠴᠢᠳ ᠮᠠᠨᠢ ᠦᠮᠴᠢ ᠶᠢᠨ ᠬᠡᠷᠡᠴᠢ ᠲᠡᠮᠳᠡᠭ ᠪᠤᠯᠤᠭᠰᠠᠨ ᠬᠤᠪᠤᠢ ᠶᠢᠨ ᠲᠠᠮᠠᠭ᠎ᠠ ᠪᠠᠨ ᠲᠡᠮᠡᠭᠡ ᠠᠳᠤᠭᠤᠨ ᠳ᠋ᠤ ᠲᠠᠷᠤᠬᠤ ᠪᠠᠨ ᠪᠤᠯᠢᠭᠰᠠᠨ ᠪᠤᠯᠪᠠᠴᠤ ᠬᠠᠷᠢᠨ ᠲᠡᠭᠦᠨ ᠢ ᠬᠢᠮᠠᠭᠠᠳᠠᠨ ᠬᠠᠳᠠᠭᠠᠯᠠᠵᠤ᠂ ᠨᠠᠨᠳᠢᠩᠨᠢᠠᠨ ᠦᠪᠯᠡᠭᠰᠡᠨ ᠢᠢᠡᠷ ᠤᠳᠤ ᠶᠢᠨ ᠬᠦᠮᠦᠰ ᠤᠨ ᠰᠣᠳᠤᠯᠵᠤ ᠲᠠᠨᠢᠯᠴᠠᠭᠤᠯᠬᠤ ᠡᠭᠡ ᠬᠡᠷᠡᠭᠯᠡᠭᠳᠡᠬᠦᠨ ᠪᠤᠯᠵᠤ᠂ ᠤᠪᠤᠭ ᠤᠭᠰᠠᠭᠠᠲᠠᠨ ᠤ ᠵᠠᠩ ᠦᠢᠯᠡ ᠶᠢᠨ ᠨᠣᠮ᠂ ᠮᠠᠯᠵᠢᠬᠤ ᠰᠣᠶᠣᠯ ᠤᠨ ᠲᠠᠨᠢᠯᠴᠠᠭᠤᠯᠭ᠎ᠠ ᠪᠢᠴᠢᠭ ᠪᠤᠶᠤ ᠲᠤᠰᠬᠠᠢ ᠰᠡᠳᠦᠪᠲᠦ ᠪᠦᠲᠦᠭᠡᠯ ᠢᠢᠡᠷ ᠲᠠᠮᠠᠭ᠎ᠠ ᠶᠢᠨ ᠬᠡᠯᠪᠡᠷᠢ ᠲᠦᠷᠰᠦ ᠦᠷᠭᠡᠨ ᠢᠢᠡᠷ ᠲᠠᠨᠢᠯᠴᠠᠭᠤᠯᠤᠭᠳᠠᠬᠤ ᠪᠤᠯᠵᠤ᠂ ᠲᠠᠮᠠᠭ᠎ᠠ ᠪᠤᠯ ᠪᠠᠰᠠ ᠴᠦ ᠨᠢᠭᠡᠨ ᠵᠦᠢᠯ ᠤᠨ ᠪᠡᠶ ᠠ ᠪᠠᠨ ᠲᠠᠭᠠᠭᠠᠰᠠᠨ ᠦᠪ ᠰᠣᠶᠣᠯ ᠪᠤᠯᠬᠤ ᠵᠢ ᠪᠢ ᠤᠬᠠᠭᠠᠷᠠᠭᠰᠠᠨ ᠶᠣᠮ᠃ |