摘要 |
ᠲᠤᠰ ᠦᠭᠦᠯᠡᠯ《 ᠡᠸᠩᠬᠢ ᠠᠩᠴᠢᠳ》 ᠤᠨ ᠲᠤᠷᠠᠰᠤᠮᠵᠢ ᠳ᠋ᠤ ᠬᠢ ᠤᠷᠤᠨ ᠰᠠᠭᠤᠴᠠ ᠶᠢᠨ ᠬᠤᠪᠢᠷᠠᠯᠲᠠ ᠵᠢ ᠨᠢ ᠲᠡᠯᠭᠡᠨ᠂ ᠤᠤᠯ ᠤᠨ ᠡᠭᠦᠳᠡ ᠤᠷᠤᠮᠠᠭᠴᠢ ᠢᠯᠠ ᠲᠤᠳᠤᠷᠬᠠᠢ ᠬᠠᠷᠠᠭᠳᠠᠳᠠᠭ ᠤᠷᠤᠨᠵᠠᠢ ᠨᠢ ᠠᠭᠠᠵᠢᠮ ᠢᠢᠡᠷ 《 ᠬᠤᠪᠢ ᠬᠦᠮᠦᠨ》 ᠤ ᠲᠤᠰᠠᠭᠠᠷ ᠤᠷᠤᠨ ᠵᠠᠢ ᠵᠢ ᠬᠦᠨᠳᠦᠳᠭᠡᠭᠰᠡᠨ ᠴᠠᠭ ᠦᠶ ᠠ ᠳ᠋ᠤ ᠰᠢᠯᠵᠢᠪᠡ ᠭᠡᠵᠦ ᠦᠵᠡᠭᠰᠡᠨᠪᠠᠢᠨᠠ᠃ ᠡᠭᠦᠨ ᠳ᠋ᠤ ᠪᠤᠳᠠᠰ ᠤᠨ ᠰᠠᠭᠤᠷᠢ ᠵᠢ ᠬᠦᠨᠳᠦᠳᠭᠡᠨ 《 ᠡᠸᠩᠬᠢ ᠠᠩᠴᠢᠳ》 ᠢ ᠰᠢᠨ᠎ᠠ ᠴᠠᠭ ᠦᠶ ᠠ ᠶᠢᠨ ᠵᠢᠭᠳᠡᠷᠲᠡᠭᠰᠡᠨ ᠭᠡᠷ ᠪᠠᠷᠢᠯᠭ᠎ᠠ ᠳ᠋ᠤ ᠨᠢ ᠰᠠᠭᠤᠢᠯᠭᠠᠬᠤ ᠨᠢ ᠤᠳᠤᠬᠢᠴᠢᠯᠠᠯᠲᠠ ᠶᠢᠨ ᠴᠢᠬᠤᠯᠠ ᠠᠯᠬᠤᠮ ᠪᠯᠤᠤᠭᠰᠠᠨ ᠪᠤᠯ ᠲᠡᠭᠦᠨ ᠤ ᠴᠠᠭᠠᠨᠠᠬᠢ ᠠᠮᠢᠳᠤᠷᠠᠯ ᠤᠨ ᠶᠤᠰᠤ ᠵᠠᠩᠰᠢᠯ᠂ ᠨᠡᠢᠭᠡᠮ ᠤᠨ ᠶᠣᠰᠤ ᠰᠤᠷᠲᠠᠬᠤᠨ᠂ ᠵᠢᠷᠤᠮ ᠭᠤᠷᠢᠮ ᠭᠡᠬᠦ ᠵᠡᠷᠭᠡ ᠰᠣᠶᠣᠯ ᠤᠨ ᠲᠡᠮᠳᠡᠭ ᠤᠨ ᠬᠡᠯᠬᠢᠶᠠᠰᠦ ᠵᠢ ᠰᠢᠨ᠎ᠠ ᠤᠷᠤᠨᠵᠠᠢ ᠳ᠋ᠤ ᠬᠡᠷᠬᠢᠨ ᠲᠤᠬᠢᠷᠠᠭᠤᠯᠬᠤ ᠠᠰᠠᠭᠤᠳᠠᠯ ᠢ ᠴᠦ ᠤᠮᠳᠤᠭᠠᠢᠯᠠᠵᠤ ᠪᠤᠯᠤᠰᠢ ᠦᠭᠡᠢ ᠶᠣᠮ᠃ |