摘要 |
《ᠵᠠᠩᠭ᠋ᠠᠷ》 ᠤᠨ ᠲᠤᠤᠯᠢᠰ ᠤᠨ ᠴᠠᠭ ᠦᠶ᠎ᠡ ᠶᠢᠨ ᠲᠤᠬᠠᠢ ᠰᠤᠳᠤᠯᠤᠯ ᠪᠤᠯ 《ᠵᠠᠩᠭ᠋ᠠᠷ》 ᠤᠨ ᠰᠤᠳᠤᠯᠤᠯ ᠤᠨ ᠴᠢᠬᠤᠯᠠ ᠨᠢᠭᠡᠨ ᠠᠰᠠᠭ᠋ᠤᠳᠠᠯ ᠪᠤᠯᠤᠨ᠎ᠠ᠃ ᠡᠨᠡ ᠲᠤᠬᠠᠢ ᠮᠣᠩᠭᠤᠯᠴᠢ ᠡᠷᠳᠡᠮᠲᠡᠳ ᠠᠳᠠᠯᠢ ᠪᠤᠰᠤ ᠰᠤᠳᠤᠯᠤᠯ ᠤᠨ ᠴᠢᠭ ᠪᠡ ᠪᠠᠷᠢᠮᠲᠠ ᠮᠠᠲ᠋ᠧᠷᠢᠶᠠᠯ ᠳᠤ ᠰᠠᠭ᠋ᠤᠷᠢᠯᠠᠵᠤ᠂ ᠦᠪᠡᠷ ᠦᠪᠡᠷ ᠦᠨ ᠦᠵᠡᠯᠲᠡ ᠪᠡᠨ ᠳᠡᠯᠭᠡᠵᠦ ᠪᠢᠯᠡ᠃ ᠡᠷᠳᠡᠮ ᠰᠢᠨᠵᠢᠯᠡᠭᠡᠨ ᠦ ᠮᠠᠳᠠᠭ ᠲᠠᠢ ᠠᠰᠠᠭ᠋ᠤᠳᠠᠯ᠂ ᠮᠠᠷᠭ᠋ᠤᠭ᠋ᠠᠨ ᠲᠠᠢ ᠰᠡᠳᠦᠪ ᠨᠢ ᠣᠯᠠᠨ ᠲᠠᠯ᠎ᠠ ᠶᠢᠨ ᠰᠢᠨᠵᠢᠯᠡᠭᠡᠨ᠂ ᠠᠳᠠᠯᠢ ᠪᠤᠰᠤ ᠰᠢᠨᠵᠢᠯᠡᠭᠡ ᠪᠤᠯᠤᠨ ᠠᠳᠠᠯᠢ ᠪᠤᠰᠤ ᠮᠠᠲ᠋ᠧᠷᠢᠶᠠᠯ ᠰᠡᠯᠳᠡ᠂ ᠣᠯᠠᠨ ᠡᠷᠳᠡᠮᠲᠡᠳ ᠦᠨ ᠰᠢᠨᠳᠡᠷᠡᠰᠢ ᠦᠭᠡᠢ ᠬᠠᠢᠯᠲᠠ ᠶᠢ ᠳᠠᠮᠵᠢᠨ ᠰᠠᠶᠢ ᠡᠴᠦᠰ ᠲᠤ ᠰᠢᠨᠵᠢᠯᠡᠬᠦ ᠤᠬᠠᠭ᠋ᠠᠨᠴᠢ ᠦᠷ᠎ᠡ ᠳ᠋ᠦᠩ ᠳᠦ ᠣᠢᠷᠠᠲᠤᠬᠤ ᠶᠤᠮ᠃ 《ᠵᠠᠩ᠋ᠭᠠᠷ》 ᠤᠨ ᠲᠤᠤᠯᠢᠰ ᠤᠨ ᠡᠭᠦᠰᠦᠯ ᠪᠦᠷᠢᠯᠳᠦᠯ ᠦᠨ ᠲᠤᠬᠠᠢ ᠰᠢᠨᠵᠢᠯᠡᠬᠦ ᠤᠬᠠᠭ᠋ᠠᠨᠴᠢ ᠦᠷ᠎ᠡ ᠳ᠋ᠦᠩ ᠨᠢ ᠶᠠᠭ ᠡᠨ᠋ᠡᠭᠦ ᠵᠢᠮ᠎ᠡ ᠪᠡᠷ ᠪᠡᠶᠡᠯᠡᠭᠳᠡᠬᠦ ᠪᠠᠢᠬ᠎ᠠ᠃ ᠲᠤᠰ ᠦᠭᠦᠯᠡᠯ ᠦᠨ ᠵᠤᠬᠢᠶᠠᠭᠴᠢ ᠴᠤ ᠡᠨ᠋ᠡᠬᠦ ᠮᠠᠷᠭ᠋ᠤᠭ᠋ᠠᠨ ᠳᠤ ᠵᠤᠷᠢᠭᠲᠠᠢ ᠣᠷᠤᠯᠴᠠᠵᠤ᠂ 《ᠵᠠᠩ᠋ᠭᠠᠷ》 ᠤᠨ ᠲᠤᠤᠯᠢᠰ ᠤᠨ ᠡᠭᠦᠰᠦᠨ ᠪᠦᠷᠢᠯᠳᠦᠭᠰᠡᠨ ᠴᠠᠭ ᠦᠶ᠎ᠡ ᠶᠢ 《ᠵᠠᠩ᠋ᠭᠠᠷ》 ᠲᠤ ᠳᠤᠰᠬᠠᠭᠳᠠᠭᠰᠠᠨ ᠦᠢᠯᠡ ᠶᠠᠪᠤᠳᠠᠯ ᠳᠤ ᠰᠠᠭ᠋ᠤᠷᠢᠯᠠᠵᠤ᠂ ᠮᠣᠩᠭᠤᠯ ᠦᠨᠳᠦᠰᠦᠲᠡᠨ ᠦ ᠨᠡᠢᠭᠡᠮ ᠲᠡᠦᠬᠡ᠂ ᠨᠡᠢᠭᠡᠮ ᠦᠨ ᠪᠠᠢᠭ᠋ᠤᠯᠤᠯ ᠪᠠ ᠤᠷᠤᠭ ᠬᠤᠷᠢᠮ ᠤᠨ ᠵᠠᠩᠰᠢᠯ ᠤᠨ ᠲᠠᠯ᠎ᠠ ᠠᠴᠠ ᠡᠷᠢᠨ ᠰᠤᠷᠠᠭᠰᠠᠨ ᠪᠠᠢᠨ᠎ᠠ᠃ |