题名 |
ᠮᠣᠩᠭᠤᠯᠴᠤᠳ ᠤᠨ ᠮᠠᠯ ᠬᠦᠩᠭᠡᠯᠡᠬᠦ ᠴᠡᠭᠡᠷ ᠶᠤᠰᠤᠨ ᠢ ᠲᠤᠷᠰᠢᠨ ᠦᠭᠦᠯᠡᠬᠦ ᠨᠢ |
作者 |
ᠲᠡᠭᠦᠦᠳᠠᠭᠤᠯ |
关键词 |
ᠦᠪᠦᠷᠵᠢᠯᠠᠭ᠎ᠠ ᠭᠠᠴᠠᠭ᠎ᠠ; ᠮᠠᠯ ᠬᠦᠩᠭᠡᠯᠡᠬᠦ; ᠴᠡᠭᠡᠷ ᠶᠤᠰᠤ |
摘要 |
ᠲᠤᠰ ᠦᠭᠦᠯᠡᠯ ᠢ ᠭᠤᠤᠯᠳᠠᠭᠤ ᠤᠭᠰᠠᠭᠠᠲᠠᠨ ᠵᠦᠢ ᠶᠢᠨ ᠭᠡᠭᠡᠷ ᠡ ᠶᠢᠨ ᠰᠢᠨᠵᠢᠯᠡᠭᠡᠨ ᠤ ᠠᠷᠭ᠎ᠠ ᠵᠢ ᠬᠡᠷᠡᠭᠯᠡᠵᠦ᠂ ᠬᠢᠩᠭᠠᠨ ᠠᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠤ ᠬᠤᠰᠢᠭᠤᠨ ᠤ ᠦᠪᠦᠷᠵᠢᠯᠠᠭ᠎ᠠ ᠭᠠᠴᠠᠭᠠᠨ ᠳ᠋ᠤ ᠶᠠᠪᠤᠭᠳᠠᠭᠰᠠᠨ ᠭᠡᠭᠡᠷ ᠠ ᠶᠢᠨᠪᠠᠢᠴᠠᠭᠠᠯᠲᠠ ᠶᠢᠨ ᠮᠠᠲ᠋ᠸᠷᠢᠶᠠᠯ ᠤᠨ ᠰᠠᠭᠤᠷᠢᠨ ᠲᠡᠭᠡᠷ ᠠ ᠡᠮᠬᠢᠳᠭᠡᠨ ᠰᠢᠨᠵᠢᠯᠡᠪᠡ᠃ ᠮᠠᠯ ᠬᠦᠩᠭᠡᠯᠡᠬᠦ ᠶᠤᠰᠤ ᠬᠢᠭᠡᠳ ᠲᠡᠭᠦᠨ ᠤ ᠴᠡᠭᠡᠷ ᠶᠣᠰᠤ ᠪᠤᠯ ᠮᠣᠩᠭᠤᠯᠴᠤᠳ ᠤᠨ ᠮᠠᠯ ᠮᠠᠯᠵᠢᠯ ᠲᠠᠢ ᠬᠤᠯᠪᠤᠭᠳᠠᠭᠰᠠᠨ ᠵᠠᠩ ᠵᠠᠩᠰᠢᠯ ᠤᠨ ᠨᠢᠭᠡ ᠬᠡᠰᠡᠭ ᠶᠣᠮ᠃ ᠮᠣᠩᠭᠤᠯᠴᠤᠳ ᠤᠨ ᠤᠯᠠᠮᠵᠢᠯᠠᠯᠲᠤ ᠠᠵᠤ ᠦᠢᠯᠡᠳᠪᠦᠷᠢᠯᠡᠯ᠂ ᠰᠣᠶᠣᠯ ᠤᠨ ᠢᠯᠡᠷᠡᠯ ᠪᠦᠭᠡᠳ ᠦᠵᠡᠯ ᠰᠠᠨᠠᠭ᠎ᠠ᠂ ᠰᠡᠳᠬᠢᠬᠦᠢ᠂ ᠶᠢᠷᠲᠢᠨᠴᠦ ᠶᠢᠨ ᠦᠵᠡᠯᠲᠡ ᠶᠢᠨ ᠲᠤᠰᠬᠠᠯ ᠮᠦᠨ᠃ ᠲᠤᠰ ᠦᠭᠦᠯᠡᠯ ᠳ᠋ᠤ ᠰᠤᠷᠪᠤᠯᠵᠢᠯᠠᠭ᠎ᠠ ᠶᠢᠨ ᠠᠷᠭ᠎ᠠ ᠵᠢ ᠬᠡᠷᠡᠭᠯᠡᠨ ᠮᠣᠩᠭᠤᠯᠴᠤᠳ ᠤᠨ ᠮᠠᠯ ᠬᠦᠩᠭᠡᠯᠡᠬᠦ ᠶᠤᠰᠤᠨ ᠪᠤᠯᠤᠨ ᠲᠡᠭᠦᠨ ᠤ ᠴᠡᠭᠡᠷ ᠶᠤᠰᠤ ᠵᠢ ᠰᠢᠨᠵᠢᠯᠡᠨ᠂ ᠮᠣᠩᠭᠤᠯᠴᠤᠳ ᠤᠨ ᠰᠡᠳᠬᠢᠬᠦᠢ ᠵᠢ ᠲᠤᠷᠰᠢᠨ ᠵᠠᠳᠠᠯᠬᠤ ᠪᠡᠷᠲᠠᠮᠵᠢᠭᠤᠯᠵᠤ ᠴᠡᠭᠡᠷ ᠶᠤᠰᠤ ᠨᠢ ᠨᠡᠢᠭᠡᠮ ᠳ᠋ᠤ ᠶᠠᠮᠠᠷ ᠦᠷ ᠠ ᠨᠦᠯᠦᠭᠡ ᠦᠵᠡᠬᠦᠯᠵᠦ ᠪᠠᠢᠭ᠎ᠠ ᠵᠢ ᠲᠤᠳᠤᠷᠬᠠᠢᠯᠠᠭᠰᠠᠨ ᠪᠠᠢᠨ᠎ᠠ᠃ |
原文 |
查看原文
|
出自 |
内蒙古民族大学学报(社会科学)
2020年
第2期
|