摘要 |
ᠦᠭᠦᠯᠡᠯ ᠳ᠋ᠤ 《 ᠮᠣᠩᠭᠤᠯ ᠬᠢᠲᠠᠳ ᠲᠤᠯᠢ》 ᠲᠤᠳᠤᠷᠠᠬᠢ ᠬᠤᠶᠠᠷ ᠲᠦᠮᠡ ᠭᠠᠷᠤᠢ ᠲᠤᠯᠤᠭᠠᠢ ᠦᠭᠡ ᠪᠡᠷ ᠮᠠᠲ᠋ᠸᠷᠢᠶᠠᠯ ᠪᠤᠯᠭᠠᠵᠤ᠂ ᠤᠳᠤ ᠦᠶ ᠠ ᠶᠢᠨ ᠮᠣᠩᠭᠤᠯ ᠶᠠᠷᠢᠶᠠᠨ ᠤ ᠬᠡᠯᠡᠨ ᠤ ᠡᠭᠡᠰᠢᠭ ᠬᠡᠢᠢᠬᠦᠯᠦᠭᠴᠢ ᠶᠢᠨ ᠲᠠᠷᠬᠠᠯᠲᠠ᠂ ᠡᠭᠡᠰᠢᠭ ᠭᠡᠢᠢᠬᠦᠯᠦᠭᠴᠢ ᠶᠢᠨ ᠤᠶᠤᠨᠳᠤᠬᠤ ᠤᠨᠴᠠᠯᠢᠭ᠃ ᠨᠡᠢᠯᠡᠮᠡᠯ ᠬᠡᠢᠢᠭᠦᠯᠦᠭᠴᠢ ᠶᠢᠨ ᠪᠦᠷᠢᠯᠳᠬᠦ ᠲᠦᠷᠢᠮ᠂ ᠦᠶ ᠠ ᠶᠢᠨ ᠵᠠᠭᠠᠭ ᠲᠡᠭᠡᠷᠡᠬᠢ ᠬᠡᠢᠢᠭᠦᠯᠦᠭᠴᠢ ᠶᠢᠨ ᠤᠭᠰᠠᠷᠠᠬᠤ ᠪᠠᠢᠳᠠᠯ ᠵᠡᠷᠭᠡ ᠵᠢ ᠪᠦᠷᠢᠳᠭᠡᠨ ᠵᠠᠳᠠᠯᠬᠤ ᠪᠡᠷ ᠲᠠᠮᠵᠢᠭᠤᠯᠤᠨ᠂ ᠮᠣᠩᠭᠤᠯ ᠬᠡᠯᠡᠨ ᠤ ᠠᠪᠢᠶᠠᠨ ᠤ ᠤᠶᠠᠯᠳᠤᠯ ᠤᠨ ᠲᠦᠷᠢᠮ ᠢ ᠬᠠᠢᠵᠠᠢ᠃ ᠵᠠᠳᠠᠯᠠᠯᠲᠠ ᠡᠴᠡ ᠦᠵᠡᠪᠡᠯ ᠮᠣᠩᠭᠤᠯ ᠬᠡᠯᠡᠨ ᠤ ᠠᠪᠢᠶ ᠠ ᠨᠤᠭᠤᠳ ᠤᠨ ᠦᠭᠡᠨ ᠳ᠋ᠡᠬᠢ ᠲᠠᠷᠬᠠᠯᠲᠠ ᠪᠠ ᠠᠪᠢᠶᠠᠨ ᠤ ᠤᠶᠠᠯᠳᠤᠯ ᠨᠢ ᠪᠦᠷ ᠲᠤᠳᠤᠷᠬᠠᠢ ᠤᠨᠴᠠᠯᠢᠭ ᠲᠠᠢ ᠮᠦᠷᠲᠡᠭᠡᠨ ᠨᠢᠭᠡᠨ ᠬᠡᠮᠵᠢᠶᠠᠨ ᠲᠡᠭᠡᠷ ᠠ ᠮᠣᠩᠭᠤᠯ ᠬᠡᠯᠡᠨ ᠤ ᠠᠪᠢᠶᠠᠨ ᠤ ᠲᠡᠦᠭᠡᠨ ᠬᠤᠪᠢᠷᠠᠯ ᠤᠨ ᠵᠢᠮ ᠠ ᠶᠤᠰᠤ ᠵᠢ ᠬᠠᠷᠠᠭᠤᠯᠵᠤ ᠪᠠᠢᠨ᠎ᠠ᠃ |