摘要 |
ᠶᠠᠫᠤᠨ ᠤᠯᠤᠰ ᠤᠨ ᠤᠭᠰᠠᠭᠠᠲᠠᠨ ᠪ ᠵᠦᠢ ᠶᠢᠨ ᠮᠦᠽᠸᠢ ᠶᠢᠨ ᠫᠷᠣᠹᠸᠰᠰᠤᠷ ᠺᠤᠨᠠᠭᠠᠶᠠ ᠶᠦ᠋ᠺᠢ᠂ ᠲᠦᠪ ᠤᠨ ᠦᠨᠳᠦᠰᠦᠲᠡᠡ ᠤ ᠶᠡᠬᠡ ᠰᠤᠷᠭᠠᠭᠤᠯᠢ ᠶᠢᠨ ᠫᠷᠣᠹᠸᠰᠰᠤᠷ ᠰᠠᠷᠠᠨᠭᠡᠷᠡᠯ ᠨᠡᠷ ᠤᠨ ᠬᠠᠮᠳᠤᠷᠠᠨ ᠪᠦᠲᠦᠭᠡᠭᠰᠡᠨ 《 ᠡᠵᠡᠨ᠎ᠠ ᠶᠢᠨ ᠡᠵᠢ ᠨᠠᠷ ᠤᠨ ᠠᠮᠠᠨ ᠲᠡᠦᠭᠡ》ᠨᠣᠮ ᠪᠤᠯ ᠠᠮᠠᠨ ᠲᠡᠦᠭᠡ ᠶᠢᠨ ᠠᠷᠭ᠎ᠠ ᠬᠡᠯᠪᠡᠷᠢ ᠪᠡᠷ ᠲᠡᠮᠳᠡᠭᠯᠡᠭᠰᠡᠨ ᠮᠣᠩᠭᠤᠯ ᠰᠣᠶᠣᠯ ᠲᠡᠦᠭᠡ ᠶᠢᠨ ᠠᠩᠬᠠᠨ ᠤ ᠪᠦᠲᠦᠭᠡᠯ ᠮᠦᠨ᠃ ᠲᠡᠯᠡᠭᠡᠢ ᠨᠡᠢᠲᠡ ᠪᠡᠷ ᠢᠢᠡᠨ ᠬᠦᠳᠡᠯᠦᠯᠴᠡᠭᠰᠡᠨ ᠠᠮᠠᠨ ᠲᠡᠦᠭᠡ ᠶᠢᠨ ᠶᠡᠬᠡ ᠦᠷᠨᠢᠯᠲᠡ ᠳ᠋ᠡᠬᠢ ᠮᠣᠩᠭᠤᠯ ᠰᠣᠳᠤᠯᠤᠯ ᠤᠨ ᠬᠤᠭᠤᠰᠤᠨ ᠵᠠᠢ ᠵᠢ ᠵᠢ ᠨᠦᠭᠦᠭᠰᠡᠨ ᠨᠠᠨᠳᠢᠨ ᠪᠦᠲᠦᠭᠡᠯ ᠮᠦᠨ᠃ ᠲᠡᠷᠡ ᠨᠢ ᠮᠣᠩᠭᠤᠯ ᠠᠮᠠᠨ ᠲᠡᠦᠭᠡ ᠴᠤᠭᠯᠠᠭᠤᠯᠭ᠎ᠠ ᠶᠢᠨ ᠰᠢᠨ᠎ᠠ ᠬᠠᠭᠤᠳᠠᠰᠤ᠂ ᠰᠢᠨ᠎ᠠ ᠬᠠᠨᠳᠤᠯᠭ᠎ᠠ ᠪᠠ ᠰᠢᠨ᠎ᠠ ᠠᠷᠭ᠎ᠠ ᠵᠢ ᠡᠷᠬᠢᠯᠡᠬᠦᠯᠵᠦ ᠬᠡᠪ ᠲᠠᠭᠤᠷᠢᠶᠠᠯ ᠪᠤᠯᠵᠠᠢ᠃ |